Ungee aldsan solongo(失色的彩虹)

Lyrics: NJ Music: Bohbat Arranger: Bohbat ᠴᠠᠭ ᠤᠨ ᠵᠡᠭᠦᠨ ᠳᠤ ᠬᠤᠴᠣᠷᠴᠤ ᠦᠯᠡᠳᠡᠭᠰᠡᠨ ᠪᠣᠳᠣᠯ ᠤᠳ ᠮᠢᠨᠢ ᠴᠢᠮ᠎ᠠ ᠦᠭᠡᠢ ᠪᠠᠷ ᠦᠩᠭᠡ ᠪᠠᠨ ᠠᠯᠳᠠᠭᠰᠠᠨ ᠰᠤᠯᠤᠩᠭ᠎ᠠ ᠮᠡᠲᠦ ᠬᠠᠯᠠᠭᠤᠬᠠᠨ ᠨᠠᠳᠠ ᠳᠤ ᠤᠯᠤᠳᠠᠭᠰᠠᠨ ᠭᠠᠭᠴᠠ ᠬᠠᠷᠠᠴᠠ ᠨᠢ ᠬᠠᠷᠠᠩᠭᠤᠢ ᠳᠤ ᠬᠤᠯᠠᠳᠴᠤ ᠤᠳᠤᠭᠰᠠᠨ ᠵᠡᠭᠦᠳᠦ ᠶᠤᠮ ᠰᠢᠭ ᠦᠨᠡᠨ ᠦᠭᠡᠰ ᠴᠥᠭᠡᠨ ᠪᠠᠶᠢᠳᠠᠭ ᠬᠥᠮᠥᠨ ᠤ ᠶᠢᠷᠲᠢᠨᠴᠦ ᠳᠡᠭᠡᠷ᠎ᠡ ᠠᠨᠢᠷ ᠦᠭᠡᠢ ᠳᠤᠮᠳᠠ ᠭᠠᠭᠴᠠᠬᠠᠨ ᠬᠠᠷᠠᠴᠠᠨ ᠳᠤ ᠪᠥᠬᠦᠨ ᠢ ᠪᠠᠭᠲᠠᠭᠠᠭᠰᠠᠨ ᠴᠠᠭ ᠬᠤᠭᠤᠴᠠᠭ᠎ᠠ ᠵᠠᠮᠴᠢ ᠶᠤᠮ ᠰᠢᠭ ᠮᠥᠷ ᠢᠶᠠᠨ ᠡᠮᠤᠨ᠎ᠠ ᠦᠯᠡᠳᠡᠭᠰᠡᠨ ᠵᠠᠮ ᠤᠨ ᠳᠠᠭᠠᠤ ᠵᠢᠷᠦᠬᠡᠨ ᠴᠡᠴᠡᠭᠡᠰ ᠲᠠᠶᠢᠪᠤᠩ ᠳᠡᠯᠭᠡᠷᠡᠭᠰᠡᠨ ᠪᠦᠲᠦᠨ ᠰᠥᠨᠢ ᠶᠢᠨ ᠵᠡᠭᠦᠳᠦᠨ ᠳᠤ ᠢᠷᠡᠬᠦ ᠶᠢ ᠳᠡᠩᠳᠡᠭᠦᠤ ᠬᠦᠯᠢᠶᠡᠭᠰᠡᠨ ᠪᠣᠳᠤᠭ ᠪᠠᠶᠢᠬᠤ ᠦᠭᠡᠢ ᠤᠷᠤᠭᠤᠯ ᠢᠶᠠᠨ ᠴᠢ ᠵᠥᠭᠡᠯᠡᠨ ᠦᠨᠦᠰᠦᠭᠦᠯᠦᠭᠰᠡᠨ ᠴᠠᠭ ᠬᠤᠭᠤᠴᠠᠭ᠎ᠠ ᠰᠢᠯᠦᠭ ᠶᠤᠮ ᠰᠢᠭ ᠳᠦᠷᠬᠦ ᠶᠢ ᠴᠢᠨᠢ ᠵᠢᠷᠦᠭ᠌ᠯᠠᠭᠰᠠᠨ ᠦᠨᠡᠨ ᠳᠡᠭᠡᠨ ᠪᠢ ᠬᠡᠳᠦᠨ ᠵᠢᠯ ᠳᠡᠭᠡᠨ ᠭᠠᠭᠴᠠᠭᠠᠷ ᠪᠠᠶᠢᠵᠤ ᠪᠠᠶᠢᠭᠰᠠᠨ ᠨᠠᠷᠠ ᠰᠠᠷᠠ ᠶᠢᠨ ᠰᠣᠯᠢᠭᠳᠠᠯ ᠪᠣᠯᠵᠤ ᠴᠠᠭᠠᠨ᠎ᠠ ᠬᠠᠷ᠎ᠠ ᠴᠠᠭᠠᠨ ᠰᠤᠯᠤᠩᠭ᠎ᠠ ᠶᠢ ᠬᠠᠷᠠᠵᠤ ᠨᠠᠭᠠᠨ᠎ᠠ ᠪᠠᠷ᠎ᠠ ᠶᠢ ᠨᠢ ᠣᠯᠵᠤ ᠬᠠᠷᠠᠳᠠᠭ ᠴᠤᠩᠬᠤ ᠬᠠᠭᠠᠪᠠ ᠢᠨᠢᠶᠡᠯᠳᠦᠨ ᠣᠷᠣᠵᠤ ᠢᠷᠡᠳᠡᠭ ᠡᠭᠦᠳᠡ ᠨᠡᠭᠡᠭᠡᠪᠡ ᠵᠦᠳᠡᠷᠡᠭᠰᠡᠨ ᠵᠢᠯ ᠤᠳ ᠲᠤ ᠭᠠᠭᠴᠠᠭᠠᠷ ᠢᠶᠠᠨ ᠪᠠᠶᠢᠵᠤ ᠦᠩᠭᠡᠷᠡᠭᠰᠡᠨ ᠵᠢᠯ ᠤᠳ ᠠᠴᠠ ᠥᠪᠡᠷ ᠢ ᠪᠠᠨ ᠲᠠᠨᠢᠵᠤ ᠬᠠᠲᠠᠭᠤᠬᠠᠨ ᠰᠢᠯᠭᠠᠯᠲᠠ ᠶᠢ ᠭᠠᠲᠤᠯᠤᠯᠠᠨ ᠲᠠᠭᠤᠯᠬᠤ ᠦᠭᠡᠢ ᠬᠡᠨ ᠨᠢᠭᠡᠨ ᠢ ᠬᠠᠶᠢᠷᠠᠯᠠᠳᠠᠭ ᠡᠷᠬᠡ ᠦᠭᠡᠢ ᠭᠡᠵᠤ ᠴᠠᠭ ᠤᠨ ᠵᠡᠭᠦᠨ ᠳᠤ ᠬᠤᠴᠣᠷᠴᠤ ᠦᠯᠡᠳᠡᠭᠰᠡᠨ ᠪᠣᠳᠣᠯ ᠤᠳ ᠮᠢᠨᠢ ᠴᠢᠮ᠎ᠠ ᠦᠭᠡᠢ ᠪᠠᠷ ᠦᠩᠭᠡ ᠪᠠᠨ ᠠᠯᠳᠠᠭᠰᠠᠨ ᠰᠤᠯᠤᠩᠭ᠎ᠠ ᠮᠡᠲᠦ ᠦᠨᠡᠨ ᠦᠭᠡᠰ ᠴᠥᠭᠡᠨ ᠪᠠᠶᠢᠳᠠᠭ ᠬᠥᠮᠥᠨ ᠤ ᠶᠢᠷᠲᠢᠨᠴᠦ ᠳᠡᠭᠡᠷ᠎ᠡ ᠠᠨᠢᠷ ᠦᠭᠡᠢ ᠳᠤᠮᠳᠠ ᠭᠠᠭᠴᠠᠬᠠᠨ ᠬᠠᠷᠠᠴᠠᠨ ᠳᠤ ᠪᠥᠬᠦᠨ ᠢ ᠪᠠᠭᠲᠠᠭᠠᠭᠰᠠᠨ ᠴᠠᠭ ᠬᠤᠭᠤᠴᠠᠭ᠎ᠠ ᠵᠠᠮᠴᠢ ᠶᠤᠮ ᠰᠢᠭ ᠮᠥᠷ ᠢᠶᠠᠨ ᠡᠮᠤᠨ᠎ᠠ ᠦᠯᠡᠳᠡᠭᠰᠡᠨ ᠵᠠᠮ ᠤᠨ ᠳᠠᠭᠠᠤ ᠵᠢᠷᠦᠬᠡᠨ ᠴᠡᠴᠡᠭᠡᠰ ᠲᠠᠶᠢᠪᠤᠩ ᠳᠡᠯᠭᠡᠷᠡᠭᠰᠡᠨ ᠪᠦᠲᠦᠨ ᠰᠥᠨᠢ ᠶᠢᠨ ᠵᠡᠭᠦᠳᠦᠨ ᠳᠤ ᠢᠷᠡᠬᠦ ᠶᠢ ᠳᠡᠩᠳᠡᠭᠦᠤ ᠬᠦᠯᠢᠶᠡᠭᠰᠡᠨ ᠪᠣᠳᠤᠭ ᠪᠠᠶᠢᠬᠤ ᠦᠭᠡᠢ ᠤᠷᠤᠭᠤᠯ ᠢᠶᠠᠨ ᠴᠢ ᠵᠥᠭᠡᠯᠡᠨ ᠦᠨᠦᠰᠦᠭᠦᠯᠦᠭᠰᠡᠨ ᠴᠠᠭ ᠬᠤᠭᠤᠴᠠᠭ᠎ᠠ ᠰᠢᠯᠦᠭ ᠶᠤᠮ ᠰᠢᠭ ᠳᠦᠷᠬᠦ ᠶᠢ ᠴᠢᠨᠢ ᠵᠢᠷᠦᠭ᠌ᠯᠠᠭᠰᠠᠨ ᠦᠨᠡᠨ ᠳᠡᠭᠡᠨ ᠪᠢ ᠬᠡᠳᠦᠨ ᠵᠢᠯ ᠳᠡᠭᠡᠨ ᠭᠠᠭᠴᠠᠭᠠᠷ ᠪᠠᠶᠢᠵᠤ ᠪᠠᠶᠢᠭᠰᠠᠨ