Serüün Namriin Bolzoo

Lyrics: Enkhsaikhan Music: T-Zii Arranger: T-Zii Mastering: Gunbulag
ᠰᠠᠢᠬᠠᠨ ᠲᠥᠷᠥᠭᠰᠡᠨ ᠴᠢᠮ᠎ᠠ ᠲᠠᠢ ᠪᠠᠨ ᠰᠥᠨᠢ ᠶᠢᠨ ᠭᠦᠨ ᠳ᠋ᠦ ᠪᠣᠯᠵᠣᠭᠰᠠᠨ ᠳ᠋ᠠ ᠰᠡᠪᠡᠯᠵᠡᠭᠦᠷ ᠰᠠᠯᠬᠢᠨ ᠤ ᠰᠡᠮᠬᠡᠨ ᠢᠯᠪᠢᠭᠡ ᠨᠢ ᠰᠡᠪᠡᠯᠭᠡ ᠵᠥᠭᠡᠯᠡᠨ ᠰᠠᠨᠠᠭᠳᠠᠨ᠎ᠠ ᠳ᠋ᠠ
ᠣᠳᠣᠳ ᠪᠦᠳᠡᠬᠢᠷᠡᠵᠤ ᠠᠷᠢᠯᠤᠯ᠎ᠠ ᠰᠢᠤ ᠳ᠋ᠠ ᠡᠩᠬᠦᠷᠡᠢ ᠴᠢ ᠮᠢᠨᠢ ᠢᠷᠡᠭᠡ ᠦᠭᠡᠢ ᠳ᠋ᠠ oh ᠰᠠᠷᠠᠨ ᠬᠡᠯᠲᠦᠷᠢᠵᠤ ᠳᠤᠲᠠᠭᠠᠯ᠎ᠠ ᠰᠢᠤ ᠰᠠᠢᠬᠠᠨ ᠴᠢ ᠮᠢᠨᠢ ᠬᠠᠮᠢᠭ᠎ᠠ ᠪᠠᠢᠨ᠎ᠠ
ᠵᠡᠭᠦᠳᠦᠨ ᠤ ᠳᠤᠷᠠᠯᠠᠯ ᠮᠢᠨᠢ ᠵᠢᠷᠦᠬᠡᠨ ᠤ ᠮᠢᠨᠢ ᠭᠠᠭᠴᠠᠬᠠᠨ ᠬᠠᠢᠷ᠎ᠠ ᠵᠦᠭ ᠦᠭᠡᠢ ᠲᠡᠭᠷᠢ ᠶᠢᠨ ᠡᠷᠭᠢᠰ ᠢᠶᠡᠷ ᠵᠡᠭᠦᠰᠬᠡᠯ ᠬᠡᠯᠬᠢᠨ ᠴᠢᠮ᠎ᠠ ᠳ᠋ᠦ ᠪᠠᠨ ᠥᠭᠭᠦᠶ᠎ᠡ
ᠦᠶ᠎ᠡ ᠶᠢᠨ ᠬᠥᠭᠡᠷᠦᠬᠦᠨ ᠴᠢᠮ᠎ᠠ ᠲᠠᠢ ᠪᠠᠨ ᠦᠳᠡᠰᠢ ᠶᠢᠨ ᠭᠦᠨ ᠳ᠋ᠦ ᠪᠣᠯᠵᠣᠭᠰᠠᠨ ᠳ᠋ᠠ ᠦᠶᠡᠯᠵᠡᠭᠦᠷ ᠰᠠᠯᠬᠢᠨ ᠤ ᠤᠶᠠᠬᠠᠨ ᠰᠡᠪᠡᠭᠡ ᠨᠢ ᠤᠷᠤᠰᠬᠠᠯ ᠲᠦᠯᠬᠢᠨ ᠰᠠᠨᠠᠭᠳᠠᠨ᠎ᠠ ᠳ᠋ᠠ
ᠲᠡᠭᠷᠢ ᠬᠠᠶᠠᠭᠠᠷᠠᠵᠤ ᠡᠬᠢᠯᠡᠯ᠎ᠡ ᠰᠢᠤ ᠳ᠋ᠡ ᠲᠡᠩᠬᠢᠯ ᠴᠢ ᠮᠢᠨᠢ ᠢᠷᠡᠭᠡ ᠦᠭᠡᠢ ᠳ᠋ᠠ oh ᠨᠠᠷᠠᠨ ᠤᠷᠠᠭᠠᠨ ᠮᠠᠨᠳᠤᠯ᠎ᠠ ᠰᠢᠤ ᠨᠠᠰᠤᠨ ᠤ ᠬᠠᠢᠷ᠎ᠠ ᠮᠢᠨᠢ ᠬᠠᠮᠢᠭ᠎ᠠ ᠪᠠᠢᠨ᠎ᠠ
ᠵᠡᠭᠦᠳᠦᠨ ᠤ ᠳᠤᠷᠠᠯᠠᠯ ᠮᠢᠨᠢ ᠵᠢᠷᠦᠬᠡᠨ ᠤ ᠮᠢᠨᠢ ᠭᠠᠭᠴᠠᠬᠠᠨ ᠬᠠᠢᠷ᠎ᠠ ᠵᠦᠭ ᠦᠭᠡᠢ ᠲᠡᠭᠷᠢ ᠶᠢᠨ ᠡᠷᠭᠢᠰ ᠢᠶᠡᠷ ᠵᠡᠭᠦᠰᠬᠡᠯ ᠬᠡᠯᠬᠢᠨ ᠴᠢᠮ᠎ᠠ ᠳ᠋ᠦ ᠪᠠᠨ ᠥᠭᠭᠦᠶ᠎ᠡ
ᠠᠨᠢᠪᠴᠢᠬᠤ ᠣᠳᠣᠳ ᠤᠨ ᠳᠣᠣᠭᠤᠷ ᠠᠰᠬᠠᠷᠠᠬᠤ ᠰᠠᠷᠠᠨ ᠤ ᠭᠡᠭᠡᠨ ᠳ᠋ᠦ ᠠᠯᠬᠤᠯᠠᠭᠰᠠᠭᠠᠷ ᠴᠢ ᠮᠢᠨᠢ ᠨᠠᠳᠠ ᠳ᠋ᠦ ᠪᠠᠨ ᠢᠷᠡᠯ᠎ᠡ ᠰᠥᠨᠢ ᠶᠢᠨ ᠬᠠᠷᠠᠩᠭᠤᠢ ᠲᠡᠭᠷᠢ ᠶᠢᠨ ᠰᠡᠳᠬᠢᠯ ᠤᠨ ᠪᠦᠷᠦᠩᠬᠦᠢ ᠵᠠᠢ ᠶᠢ ᠭᠡᠷᠡᠯᠲᠦᠭᠦᠯᠦᠭᠰᠡᠭᠡᠷ ᠴᠢ ᠮᠢᠨᠢ ᠢᠷᠡᠯ᠎ᠡ
ᠵᠡᠭᠦᠳᠦᠨ ᠤ ᠳᠤᠷᠠᠯᠠᠯ ᠮᠢᠨᠢ ᠵᠢᠷᠦᠬᠡᠨ ᠤ ᠮᠢᠨᠢ ᠭᠠᠭᠴᠠᠬᠠᠨ ᠬᠠᠢᠷ᠎ᠠ ᠵᠦᠭ ᠦᠭᠡᠢ ᠲᠡᠭᠷᠢ ᠶᠢᠨ ᠡᠷᠭᠢᠰ ᠢᠶᠡᠷ ᠵᠡᠭᠦᠰᠬᠡᠯ ᠬᠡᠯᠬᠢᠨ ᠴᠢᠮ᠎ᠠ ᠳ᠋ᠦ ᠪᠠᠨ ᠥᠭᠭᠦᠶ᠎ᠡ ᠵᠡᠭᠦᠳᠦᠨ ᠤ ᠳᠤᠷᠠᠯᠠᠯ ᠮᠢᠨᠢ ᠵᠦᠭ ᠦᠭᠡᠢ ᠲᠡᠭᠷᠢ ᠶᠢᠨ ᠡᠷᠭᠢᠰ ᠢᠶᠡᠷ ᠵᠡᠭᠦᠰᠬᠡᠯ ᠬᠡᠯᠬᠢᠨ ᠴᠢᠮ᠎ᠠ ᠳ᠋ᠦ ᠪᠠᠨ ᠥᠭᠭᠦᠶ᠎ᠡ