Lyrics: Gavyaat
Music: Gavyaat
Arranger: Allen蒙柯
Recording: Davanim
Vocal ArrangementProducer:Davanim
Mixing/Mastering:Allen蒙柯
长调:Abby
Producer: Allen蒙柯/Gavyaat
Coordinator: 杨颖@东方腔调
Supervisor: 王雅丽@东方腔调
出品:东方腔调
【未经Copyright人许可 不得翻唱 翻录或使用】
ᠡᠷᠲᠡ ᠤᠷᠢᠳᠤ ᠶ᠋ᠢᠨ ᠴᠠᠭ ᠲᠤ᠌ ᠠᠯᠲᠠᠢ ᠠᠭᠤᠯᠠ ᠶ᠋ᠢᠨ ᠪᠠᠷᠠᠭᠤᠨ ᠰᠤᠭᠤ ᠳ᠋ᠤ᠌
ᠣᠯᠠᠨ ᠪᠠᠭᠠᠲᠤᠷ ᠴᠤᠭᠯᠠᠷᠠᠭᠰᠠᠨ ᠤᠮᠠᠷᠠᠲᠤ ᠶ᠋ᠢᠨ ᠲᠠᠯ᠎ᠠ ᠨᠤᠲᠤᠭ ᠲᠤ᠌
ᠡᠪᠦᠯ ᠦᠭᠡᠢ ᠵᠤᠨ ᠦᠬᠦᠯ ᠦᠭᠡᠢ ᠮᠥᠩᠬᠡ ᠲᠠᠩᠰᠤᠭ ᠪᠤᠮᠪᠠ ᠶ᠋ᠢᠨ ᠣᠷᠣᠨ ᠳ᠋ᠤ᠌
ᠥᠵᠦᠩ ᠠᠯᠳᠠᠷ ᠬᠠᠭᠠᠨ ᠤ ᠬᠥᠪᠡᠭᠦᠨ ᠵᠠᠩᠭᠠᠷ ᠪᠠᠶ᠋ᠢᠭᠰᠠᠨ ᠠᠵᠤᠭᠤ
ᠥᠨᠢᠷ ᠪᠠᠶᠠᠨ ᠪᠤᠮᠪᠠ ᠶ᠋ᠢᠨ ᠡᠵᠡᠨ ᠢ ᠮᠠᠭᠲᠠᠨ ᠳᠠᠭᠤᠯᠠᠭᠠᠳ ᠢᠷᠡᠬᠦᠯᠡᠷ
ᠲᠡᠭᠦᠨ ᠢ ᠠᠯᠳᠠᠷ ᠭᠠᠪᠢᠶ᠎ᠠ ᠶ᠋ᠢ ᠮᠠᠭᠲᠠᠨ ᠳᠠᠭᠤᠯᠠᠭᠠᠳ ᠢᠷᠡᠬᠦᠯᠡᠷ
ᠨᠢᠭᠡᠨ ᠡᠳᠦᠷ ᠵᠠᠩᠭᠠᠷ ᠬᠠᠭᠠᠨ ᠠᠪᠠ ᠳ᠋ᠤ᠌ ᠭᠠᠷᠪᠠ ᠭᠡᠨ᠎ᠡ
ᠲᠩᠷᠢ ᠶ᠋ᠢᠨ ᠬᠡᠬᠦᠣ ᠤᠨᠠᠭ᠎ᠠ ᠵᠡᠷᠭᠡᠳᠡ ᠮᠣᠷᠢ ᠪᠠᠨ ᠣᠨᠣᠪᠠ ᠭᠡᠨ᠎ᠡ
ᠢᠩᠭᠢᠵᠦ ᠪᠠᠶ᠋ᠢᠲᠠᠯ᠎ᠠ ᠨᠢᠭᠡᠨ ᠢᠳᠡᠯᠡᠬᠦ ᠮᠥᠷᠦᠨ ᠳᠡᠭᠡᠷ᠎ᠡ ᠨᠢ ᠰᠠᠭᠤᠭᠠᠳ
ᠵᠠᠩᠭᠠᠷ ᠬᠠᠭᠠᠨ ᠳ᠋ᠤ᠌ ᠨᠢᠭᠡᠨ ᠵᠦᠢᠯ ᠢ ᠰᠡᠮᠡᠬᠡᠨ ᠰᠢᠪᠡᠨᠡᠪᠡ ᠭᠡᠨ᠎ᠡ
ᠲᠦᠰᠢ ᠴᠠᠭᠠᠨ ᠠᠭᠤᠯᠠ ᠶ᠋ᠢᠨ ᠣᠷᠣᠨ ᠳ᠋ᠤ᠌ ᠪᠢᠷᠠᠮᠠᠨ ᠭᠡᠳᠡᠭ ᠮᠠᠩᠭᠤᠰ
ᠠᠷᠠᠳ ᠲᠦᠮᠡᠨ ᠢ ᠠᠶᠤᠯ ᠵᠣᠪᠠᠯᠠᠩ ᠳ᠋ᠤ᠌ ᠲᠦᠯᠬᠢᠨ ᠤᠨᠠᠭᠠᠪᠠ ᠭᠡᠨ᠎ᠡ
ᠡᠨᠡᠬᠦ ᠴᠢᠮᠡᠭᠡ ᠶ᠋ᠢ ᠵᠠᠩᠭᠠᠷ ᠬᠠᠭᠠᠨ ᠬᠢᠯᠢᠩᠲᠡᠢ ᠪᠡᠷ ᠳᠠᠭᠤᠯᠠᠭᠠᠳ
ᠠᠷᠪᠠᠨ ᠬᠣᠶᠠᠷ ᠰᠠᠷ᠎ᠠ ᠶ᠋ᠢᠨ ᠵᠠᠢ ᠶ᠋ᠢ ᠠᠭᠱᠠᠨ ᠵᠠᠭᠤᠷ᠎ᠠ ᠳ᠋ᠤ᠌ ᠳᠤᠭᠤᠯᠤᠭᠠᠳ
ᠨᠡᠷᠡᠲᠦ ᠭᠡᠳᠡᠭ ᠠᠭᠤᠯᠠᠨ ᠵᠠᠪ ᠳ᠋ᠤ᠌ ᠪᠢᠷᠠᠮᠠᠨ ᠮᠠᠩᠭᠤᠰ ᠢ ᠳᠠᠷᠤᠬᠤ ᠪᠠᠷ
ᠠᠯᠤᠰ ᠬᠣᠯᠠ ᠶ᠋ᠢᠨ ᠲᠡᠷᠲᠡᠭᠡ ᠪᠤᠮᠪᠠ ᠶ᠋ᠢᠨ ᠣᠷᠣᠨ ᠠ᠋ᠴᠠ ᠢᠷᠡᠭᠰᠡᠨ ᠭᠡᠨ᠎ᠡ᠃
ᠮᠠᠩᠭᠤᠰ ᠶ᠋ᠢᠨ ᠶᠢᠰᠦ ᠶᠢᠰᠦᠨ ᠨᠠᠶᠠᠨ ᠨᠢᠭᠡᠨ ᠲᠤᠷᠰᠢᠭᠤᠯ ᠢ
ᠢᠯᠳᠦ ᠳᠠᠯᠠᠶ᠋ᠢᠨ ᠵᠠᠮ ᠲᠤᠵᠢ ᠠᠯᠠᠭᠰᠠᠭᠠᠷ ᠠᠯᠠᠭᠰᠠᠭᠠᠷ
ᠠᠭᠤᠯᠠ ᠶ᠋ᠢᠨ ᠣᠷᠣᠢ ᠳ᠋ᠤ᠌ ᠬᠦᠷᠬᠦ ᠳ᠋ᠦ᠍ ᠨᠢᠭᠡᠨ ᠲᠤᠷᠰᠢᠭᠤᠯ ᠦᠯᠡᠳᠡᠭᠡᠵᠦ
ᠵᠢᠷᠭᠠᠨ ᠰᠠᠭᠤᠭ᠎ᠠ ᠪᠢᠷᠠᠮᠠᠨ ᠮᠠᠩᠭᠤᠰ ᠲᠤ᠌ ᠬᠡᠯᠡ ᠬᠦᠷᠭᠡᠵᠦ
ᠵᠠᠩᠭᠠᠷ ᠬᠠᠭᠠᠨ ᠢ ᠳᠠᠭᠠᠷᠢᠨ ᠢᠷᠡᠯ᠎ᠡ ᠭᠡᠰᠡᠨ ᠢ ᠮᠠᠩᠭᠤᠰ ᠰᠣᠨᠣᠰᠤᠭᠠᠳ
ᠳᠡᠷᠭᠡᠳᠡ ᠪᠠᠶ᠋ᠢᠭᠰᠠᠨ ᠰᠢᠳᠠᠷ ᠴᠡᠷᠢᠭ ᠢᠶ᠋ᠡᠨ ᠪᠦᠬᠦᠨ ᠢ ᠲᠣᠮᠢᠯᠠᠪᠠ ᠭᠡᠨ᠎ᠡ
ᠠᠬᠢᠭᠠᠳ ᠴᠠᠰᠢ ᠪᠠᠨ ᠬᠡᠷᠬᠢᠨ ᠲᠠᠷᠢᠬᠤ ᠶ᠋ᠢ ᠵᠠᠩᠭᠠᠷ ᠪᠣᠳᠣᠵᠤ ᠪᠠᠶ᠋ᠢᠲᠠᠯ᠎ᠠ
ᠭᠡᠨᠡᠳᠲᠡ ᠪᠣᠯᠣᠳ ᠲᠡᠮᠦᠷ ᠬᠣᠶᠠᠷ ᠪᠠᠭᠠᠲᠤᠷ ᠢᠷᠡᠪᠡ ᠭᠡᠨ᠎ᠡ
ᠵᠠᠩᠭᠠᠷ ᠬᠠᠭᠠᠨ ᠢᠶ᠋ᠠᠨ ᠡᠷᠳᠡᠨᠢ ᠶ᠋ᠢᠨ ᠲᠣᠯᠢ ᠤᠷᠢᠲᠠᠵᠤ ᠪᠦᠬᠦᠨ ᠢ ᠲᠣᠯᠢᠳᠠᠭᠰᠠᠭᠠᠷ
ᠨᠢᠭᠦᠯ ᠶᠡᠬᠡ ᠲᠡᠢ ᠪᠢᠷᠠᠮᠠᠨ ᠮᠠᠩᠭᠤᠰ ᠤᠨ ᠦᠬᠦᠯ ᠨᠢᠭᠡᠨᠲᠡ ᠣᠶ᠋ᠢᠷᠠᠲᠤᠭᠰᠠᠭᠠᠷ
ᠪᠣᠯᠣᠳ ᠲᠡᠮᠦᠷ ᠬᠣᠶᠠᠷ ᠪᠠᠭᠠᠲᠤᠷ ᠵᠠᠩᠭᠠᠷ ᠲᠠᠢ ᠬᠠᠮᠲᠤ ᠪᠠᠶ᠋ᠢᠯᠳᠤᠭᠰᠠᠭᠠᠷ
ᠡᠮᠦᠨ᠎ᠡ ᠨᠢ ᠲᠠᠭᠠᠷᠠᠭᠰᠠᠨ ᠳᠠᠶ᠋ᠢᠰᠤᠨ ᠪᠦᠬᠦᠨ ᠢ ᠲᠣᠯᠣᠭᠠᠢ ᠶ᠋ᠢᠨ ᠴᠠᠪᠴᠢᠭᠰᠠᠭᠠᠷ
ᠢᠩᠭᠢᠭᠡᠳ ᠠᠭᠤᠯᠠ ᠤᠨ ᠠᠪᠭᠤᠢ ᠳᠠᠬᠢ ᠠᠷᠠᠳ ᠲᠦᠮᠡᠨ ᠢ ᠠᠪᠤᠷᠠᠪᠠ ᠭᠡᠨ᠎ᠡ
ᠪᠢᠷᠮᠠ ᠶ᠋ᠢᠨ ᠮᠠᠩᠭᠤᠰ ᠢ ᠳᠠᠷᠤᠭᠠᠳ ᠳᠠᠷᠬᠠᠨ ᠴᠣᠯᠠ ᠪᠠᠨ ᠣᠯᠪᠠ ᠭᠡᠨ᠎ᠡ
ᠥᠨᠢᠷ ᠪᠠᠶᠠᠨ ᠪᠤᠮᠪᠠ ᠶ᠋ᠢᠨ ᠣᠷᠣᠨ ᠥᠨᠢ ᠮᠥᠩᠬᠡ ᠵᠢᠷᠭᠠᠪᠠ ᠭᠡᠨ᠎ᠡ
ᠴᠢᠳᠠᠨ ᠶᠠᠳᠠᠨ ᠪᠢ ᠵᠠᠩᠭᠠᠷ ᠬᠠᠭᠠᠨ ᠢ ᠳᠠᠭᠤᠯᠠᠪᠠ ᠭᠡᠨ᠎ᠡ