DUULEL-AEGSBRAND-GAVYAAT

Lyrics: Gavyaat Music: Gavyaat MixingALLEN蒙柯,AEGS MUSIC LAB ᠲᠡᠬᠦᠯᠢᠯ ᠱᠣᠭ ᠱᠣᠭ ᠱᠣᠭ ᠮᠥᠩᠬᠡ ᠲᠡᠭᠷᠢ᠎ᠶ᠋ᠢᠨ ᠬᠦᠴᠦᠨ᠎ᠳ᠋ᠦ᠍ᠷ ᠠᠶᠤᠲᠤᠭᠠᠢ, ᠪᠢᠰᠢᠷᠡᠲᠦᠭᠡᠢ ᠰᠥᠬᠥᠷᠡᠲᠦᠭᠡᠢ ᠶᠠᠭ ᠡᠨᠡᠬᠦ ᠲᠡᠢᠨ᠎ᠦ᠌ ᠲᠣᠭᠰᠢᠨ ᠬᠠᠷ᠎ᠠ ᠰᠦᠯᠳᠡ ᠲᠤᠭ ᠎ᠢᠶᠠᠨ ᠯᠤᠤᠰ ᠰᠠᠪᠳᠠᠭ ᠲᠡᠳᠬᠦᠭᠳᠡᠭᠰᠡᠨ, ᠰᠤᠤ ᠵᠠᠯᠢ ᠤᠬᠠᠭᠠᠨ ᠠᠮᠤᠭᠤᠯᠠᠩ ᠰᠠᠢᠨ ᠢᠷᠡᠪᠡᠦ?ᠪᠤᠭᠤᠷᠤᠯ ᠮᠡᠨᠳᠦ ᠠᠮᠤᠷ ᠦᠷ᠎ᠡ ᠰᠠᠳᠤ᠎ᠳ᠋ᠠᠭᠠᠨ ᠢᠪᠡᠭᠡ ᠦᠯᠦ ᠳᠤᠨᠳᠠᠷᠠᠬᠤ ᠪᠢᠷ᠎ᠠ ᠲᠠᠮᠢᠷ ᠴᠡᠭᠡᠵᠢᠨ ᠳᠣᠣᠷ᠎ᠠ᠎ᠪᠠᠨ ᠳᠠᠷᠤᠨ ᠴᠢᠬᠢᠭᠳᠡᠨ᠎ᠡ ᠠᠷᠰᠯᠠᠨ ᠪᠠᠷᠰ᠎ᠢ᠋ ᠎ ᠲᠦᠷᠦᠨ ᠲᠠᠢᠳᠠᠨ᠎ᠡ ᠪᠠᠭᠠᠪᠠᠭᠠᠢ ᠵᠠᠭᠠᠨ ᠢᠷᠪᠢᠰ᠎ᠢ᠋ ᠴᠦ᠍ ᠵᠣᠷᠢᠭᠲᠠᠢ ᠵᠢᠷᠦᠬᠡ᠎ᠲᠡᠢ ᠭᠠᠩ ᠲᠡᠮᠦᠷ ᠲᠥᠷᠬᠦ᠎ᠲᠡᠢ ᠮᠢᠨᠦ ᠳᠡᠮᠴᠢ ᠲᠦᠰᠢᠭ ᠪᠠᠲᠤ ᠵᠡᠪᠡ ᠰᠦᠪᠡᠭᠡᠳᠡᠢ ᠨᠠᠷᠠᠨ ᠮᠠᠨᠳᠤᠬᠤ ᠵᠦᠭ᠎ᠡᠴᠡ ᠰᠢᠩᠭᠡᠬᠦ ᠥᠷᠥᠨ᠎ᠡ ᠵᠦᠭ ᠤᠷᠤᠭᠤ ᠲᠠᠰᠢᠭᠤᠷ ᠨᠡᠮᠡᠨ ᠳᠠᠬᠢᠨ ᠳᠠᠪᠲᠠᠨ᠎ᠠ ᠪᠠᠷᠳᠠᠮ ᠧᠦ᠋ᠷᠣᠫᠠ ᠲᠢᠪ ᠤᠷᠤᠭᠤ ᠥᠭᠡᠳᠡ᠎ᠪᠡᠨ ᠠᠰᠬᠣ ᠲᠤᠯᠭ᠎ᠠ᠎ᠶ᠋ᠢᠨ ᠭᠠᠯ ᠮᠥᠩᠬᠡ ᠪᠠᠳᠠᠷᠠᠨ ᠳᠦᠷᠡᠯᠵᠡ ᠳᠦᠷᠡᠯᠵᠡ ᠳᠦᠷᠡᠯᠵᠡ  ᠳᠦᠷᠡᠯᠵᠡᠨ ᠳᠦᠷᠡᠯᠵᠡᠨ᠎ᠡ ᠠᠵᠠ᠎ᠶ᠋ᠢᠨ ᠳᠥᠷᠪᠡᠨ ᠪᠡᠷᠬᠡ ᠶᠦ᠍ᠮ ᠪᠠᠢᠨ᠎ᠠ ᠥᠪᠴᠢ ᠬᠤᠶᠠᠭᠯᠠᠨ ᠮᠣᠷᠳᠠ ᠵᠡᠭᠦᠨ ᠪᠠᠷᠠᠭᠤᠨ ᠬᠣᠣᠰ ᠵᠢᠭᠦᠷ᠎ᠲᠦ᠍ ᠠᠮᠢᠯᠠᠭᠰᠠᠨ ᠯᠤᠤ ᠭᠠᠷᠤᠳᠢ ᠲᠠᠬᠢᠯᠲᠠ ᠠᠯᠢᠪ ᠨᠢᠰ᠃᠃᠃᠃᠃᠃᠃ ᠠᠯᠢᠪ ᠨᠢᠰ᠃᠃᠃᠃᠃᠃᠃ ᠠᠯᠢᠪ ᠨᠢᠰ᠃᠃᠃᠃᠃᠃᠃ ᠠᠯᠢᠪ ᠨᠢᠰ᠃᠃᠃᠃᠃᠃᠃ ᠤᠭᠠᠯᠵᠠᠨ ᠬᠤᠢ ᠰᠠᠯᠬᠢ ᠠᠨᠤ ᠦᠨᠳᠦᠰᠦ᠎ᠪᠡᠷ ᠨᠢ ᠰᠤᠭᠤ ᠤᠷ᠎ᠠ ᠮᠡᠷᠭᠡᠨ ᠳᠠᠮ ᠠᠨᠤ ᠰᠡᠭᠡᠷ ᠰᠢᠭᠠᠨ᠎ᠠ ᠬᠤᠭᠤ ᠪᠤᠮᠠᠨ ᠬᠦᠨᠳᠦ᠎ᠶ᠋ᠢ ᠡᠷᠭᠦᠰᠦ ᠵᠠᠭᠤ᠎ᠪᠠᠷ ᠲᠦᠮᠡ ᠎᠎ᠶᠢ ᠨᠢᠷᠭᠡᠰᠥ ᠨᠣᠶᠠᠨ ᠣᠮᠣᠭ ᠰᠦᠷ ᠲᠣᠷ ᠬᠠᠷᠢ ᠎ᠶᠢ ᠵᠠᠬᠢᠷᠰᠤ ᠬᠠᠷᠢᠶᠠᠯ ᠎ᠳᠦ ᠡᠰᠡ ᠬᠦᠷᠭᠡᠬᠦ ᠬᠦᠷᠡᠯ ᠪᠠᠮᠪᠠᠢ᠎ᠪᠠᠨ ᠲᠣᠪᠣᠷᠤᠤ ᠣᠯᠠᠨ᠎ᠳᠣᠣᠷ᠎ᠠ ᠎ᠪᠠᠷ ᠢ᠋ᠶ᠋ᠠᠨ ᠠᠯᠪᠢᠨ ᠪᠦᠬᠦᠨ᠎ᠢ᠋ ᠬᠢᠳᠤᠬᠤ ᠬᠠᠲᠤᠨ ᠲᠣᠭᠣᠷᠤᠤ ᠳᠥᠷᠪᠡᠨ ᠵᠦᠭ᠎ᠦ᠋ᠨ ᠠᠬᠠᠨ ᠳᠡᠭᠦᠦᠰ ᠤᠤᠬᠠᠢ ᠬᠤᠷᠤᠢᠯᠠᠨ ᠬᠦᠴᠦ ᠦᠭᠭᠦᠭᠲᠦᠨ ᠤᠤᠬᠠᠢ ᠰᠢᠯᠢᠳᠡᠭ᠎ᠦ᠋ᠨ ᠰᠢᠯᠢᠳᠡᠭ ᠪᠣᠯᠬᠤ᠎ᠪᠠᠷ ᠣᠷᠭᠢᠯ ᠎ᠳᠤ ᠭᠠᠷᠳᠠᠭ ᠵᠠᠪᠠᠯ ᠵᠠᠮ᠎ᠤ᠋ᠨ ᠤᠷᠢᠳᠤ ᠎ᠳᠡᠬᠢ ᠪᠠᠷᠲᠠᠭ᠎ᠠ ᠪᠡᠷᠬᠡ᠎ᠶ᠋ᠢ ᠳᠠᠪᠠᠳᠠᠭ ᠵᠣᠳᠣᠭ ᠱᠤᠭᠤᠳᠠᠭ ᠡᠮᠦᠰᠦᠨ᠎ᠲᠠᠯᠠᠪᠠᠢ᠎ᠳ᠋ᠤ᠌ ᠳᠡᠪᠲᠦᠳᠡᠭ ᠤᠷᠠᠨ ᠪᠠᠷᠢᠴᠠ ᠮᠡᠬᠡ ᠬᠢᠳᠡᠭ ᠤᠨᠤᠭᠠᠨ᠎ᠳ᠋ᠤ᠌ ᠲᠠᠭᠠᠷᠠᠭᠰᠠᠨ᠎ᠢ᠋ᠶ᠋ᠠᠨ ᠰᠠᠪᠠᠳᠠᠭ ᠬᠠᠭᠤᠷᠠᠢ ᠦᠶᠡᠷ᠎ᠦ᠋ᠨ ᠤᠰᠤ ᠮᠡᠲᠦ ᠰᠠᠴᠤᠭᠰᠠᠨ ᠣᠳᠣᠨ ᠵᠢᠭᠰᠠᠭᠠᠯ ᠠᠰᠬ᠎ᠠ᠎ᠶ᠋ᠢᠨ ᠥᠨᠳᠥᠷ ᠎ᠲᠤ᠌ ᠲᠣᠷᠣᠢᠬᠤ ᠲᠡᠭᠡ᠎ᠶ᠋ᠢᠨ ᠵᠣᠭᠰᠣᠭᠠᠯ ᠲᠤᠤᠷᠤᠨ ᠳᠣᠲᠣᠷ᠎ᠠ ᠬᠦᠵᠦᠭᠦᠦ᠎ᠶ᠋ᠢ ᠨᠢ ᠪᠣᠭᠣᠵᠤ ᠬᠢᠲᠤᠭ᠎ᠠ ᠦᠭᠡᠢ᠎ᠪᠡᠷ ᠱᠤᠯᠤᠨ᠎ᠠ ᠲᠡᠮᠦᠷ ᠲᠤᠭᠤᠷᠠᠢ᠎ᠳ᠋ᠤ᠌ ᠳᠣᠯᠣᠭᠠᠨ ᠪᠦᠭᠦᠳᠡ᠎ᠳ᠋ᠦ᠍ ᠠᠮᠢ ᠬᠣᠷᠣᠭᠠᠬᠤ᠎ᠳ᠋ᠤ᠌ ᠪᠡᠯᠡᠨ ᠲᠠᠬᠢᠯᠲᠠ ᠠᠯᠢᠪ ᠨᠢᠰ᠃᠃᠃᠃᠃᠃᠃ ᠠᠯᠢᠪ ᠨᠢᠰ᠃᠃᠃᠃᠃᠃᠃ ᠠᠯᠢᠪ ᠨᠢᠰ᠃᠃᠃᠃᠃᠃᠃ ᠠᠯᠢᠪ ᠨᠢᠰ᠃᠃᠃᠃᠃᠃᠃