ᠮᠥᠬᠡᠷᠡᠦ ᠮᠥᠬᠡᠷᠡᠦ ᠱᠣᠷᠣᠩ ᠬᠠᠳᠠ
ᠮᠥᠬᠡᠷᠡᠦ ᠮᠥᠬᠡᠷᠡᠦ ᠱᠣᠷᠣᠩ ᠬᠠᠳᠠ ᠬᠥ᠋ ᠮᠥᠩᠭᠥᠨ ᠳᠦ ᠪᠡᠨ ᠠᠳᠠᠯᠢᠬᠠᠨ ᠡᠯᠡᠰᠦ ᠮᠠᠩᠬ᠎ᠠ ᠬᠥ᠋ ᠮᠥᠮᠥ ᠶᠢ ᠮᠢᠨᠢ ᠥᠰᠬᠡᠭ᠍ᠰᠡᠨ ᠨᠤᠲᠤᠭ ᠶᠤᠮ ᠡ ᠬᠥ᠋ ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋
ᠠᠭᠤᠯᠠ ᠤᠰᠤ ᠨᠢ ᠦᠷᠭᠦᠯᠵᠢᠯᠡᠨ ᠪᠠᠢᠨ᠎ᠠ ᠬᠥ᠋ ᠠᠳᠤᠭᠤ ᠮᠠᠯ ᠤᠨ ᠮᠢᠨᠢ ᠪᠡᠯᠴᠢᠭᠡᠷ ᠶᠤᠮ ᠡ ᠬᠥ᠋ ᠠᠪᠤ ᠶᠢ ᠮᠢᠨᠢ ᠥᠰᠬᠡᠭ᠍ᠰᠡᠨ ᠨᠤᠲᠤᠭ ᠶᠤᠮ ᠳ᠋ᠠ ᠬᠥ᠋ ᠠᠰᠤᠷᠤ ᠰᠠᠨᠠᠭᠳᠠᠭᠠᠳ ᠤᠢᠳᠬᠠᠷᠯᠠᠨ ᠪᠠᠢᠨ᠎ᠠ ᠬᠥ᠋
ᠨᠠᠮᠤᠷ ᠤᠨ ᠤᠯᠠᠷᠢᠯ ᠬᠦᠷᠴᠦ ᠯᠡ ᠢᠷᠠᠯ᠎ᠠ ᠬᠥ᠋ ᠨᠠᠪᠴᠢ ᠨᠠᠮᠠᠭ᠎ᠠ ᠨᠢ ᠰᠢᠷᠠᠯᠠᠨ ᠪᠠᠢᠨ᠎ᠠ ᠬᠥ᠋ ᠨᠠᠭᠠᠰᠢ ᠴᠠᠭᠠᠰᠢ ᠶᠠᠪᠤᠬᠤ ᠭᠠᠯᠠᠭᠤᠨ ᠰᠦᠷᠦᠭ ᠨᠢ ᠨᠢᠰᠤᠨ ᠳᠡᠭ᠍ᠳᠡᠭᠡᠳ ᠵᠠᠯᠭᠠᠨ ᠰᠠᠭᠤᠨ᠎ᠠ ᠬᠥ᠋
ᠮᠥᠬᠡᠷᠡᠦ ᠮᠥᠬᠡᠷᠡᠦ ᠱᠣᠷᠣᠩ ᠬᠠᠳᠠ ᠬᠥ᠋ ᠮᠥᠩᠭᠥᠨ ᠳᠦ ᠪᠡᠨ ᠠᠳᠠᠯᠢᠬᠠᠨ ᠡᠯᠡᠰᠦ ᠮᠠᠩᠬ᠎ᠠ ᠬᠥ᠋ ᠮᠥᠮᠥ ᠶᠢ ᠮᠢᠨᠢ ᠥᠰᠬᠡᠭ᠍ᠰᠡᠨ ᠨᠤᠲᠤᠭ ᠶᠤᠮ ᠡ ᠬᠥ᠋ ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋ ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠬᠥ᠋