Монголдоо ирээрэй

Music: Ariunbold N/Gantur S ᠮᠣᠩᠭᠣᠯ ᠳᠤ ᠪᠠᠨ ᠢᠷᠡᠭᠡᠷᠡᠢ ᠳᠠᠭᠤᠴᠢᠨ᠄ ᠵᠢᠪᠬᠤᠯᠠᠩ ᠲᠡᠪᠴᠢᠬᠦ ᠲᠡᠪᠴᠢᠶᠡᠷᠢ ᠠᠯᠳᠠᠷᠠᠬᠤ ᠶᠢᠨ ᠦᠶ᠎ᠡ ᠳᠦ ᠬᠦᠷᠦᠭᠡᠳ ᠢᠷ᠎ᠡ ᠳ᠋ᠠ ᠬᠥᠬᠡ ᠮᠣᠩᠭᠣᠯ ᠳᠤ ᠪᠠᠨ ᠲᠡᠨᠢᠭᠡᠷ ᠰᠠᠶᠢᠬᠠᠨ ᠨᠤᠲᠤᠭ ᠴᠢᠨᠢ ᠰᠡᠷᠢᠭᠦᠨ ᠰᠠᠯᠬᠢ ᠪᠠᠷ ᠣᠭᠲᠤᠨ᠎ᠠ ᠴᠢᠮ᠎ᠠ ᠶᠢ ᠠᠪᠤ ᠶᠢᠨ ᠴᠢᠨᠢ ᠤᠶᠠᠭᠰᠠᠨ ᠴᠡᠩᠬᠡᠷ ᠬᠠᠳᠠᠭ ᠲᠣᠭᠤᠨᠤᠨ ᠳᠤ ᠬᠡᠪ ᠢᠶᠠᠷ ᠢᠶᠠᠨ ᠨᠠᠮᠢᠷᠠᠵᠤ ᠪᠠᠶᠢᠨ᠎ᠠ ᠠᠭᠲᠠᠨ ᠤ ᠬᠦᠯᠦᠰᠦ ᠲᠠᠢ ᠬᠤᠰᠤᠭᠤᠷ ᠬᠠᠵᠠᠭᠠᠷ ᠤᠨᠤᠨ ᠳᠦ ᠬᠠᠪᠴᠢᠶᠠᠰᠤᠲᠠᠢ ᠬᠦᠯᠢᠶᠡᠵᠦ ᠪᠠᠶᠢᠨ᠎ᠠ ᠠᠷᠭᠤᠮᠠᠭ ᠬᠦᠯᠦᠭ ᠮᠤᠷᠢᠳ ᠨᠢ ᠤᠶᠠᠭᠠᠨ ᠳᠡᠭᠡᠷ᠎ᠡ ᠦᠦᠷᠰᠡᠨ ᠪᠠᠶᠢᠨ᠎ᠠ ᠤᠷᠤᠭᠠᠳ ᠠᠷᠢᠯᠤᠭᠰᠠᠨ ᠪᠣᠷᠤᠭᠠᠨ ᠤ ᠦᠨᠦᠷ ᠣᠷᠤᠢ ᠪᠠᠭᠤᠬᠤ ᠵᠢᠷᠭᠠᠯ ᠤᠨ ᠤᠯᠠᠭᠠᠨ ᠨᠠᠷᠠ ᠤᠳᠤᠳ ᠨᠢ ᠣᠶᠢᠷᠠᠬᠠᠨ ᠳᠡᠭᠷᠢ ᠶᠢᠨ ᠵᠠᠭᠠᠳᠠᠰᠤ ᠣᠴᠢ ᠬᠠᠶᠠᠯᠠᠭᠰᠠᠨ ᠠᠷᠭᠠᠯ ᠤᠨ ᠤᠲᠤᠭ᠎ᠠ ᠮᠣᠩᠭᠣᠯ  ᠳᠦ ᠯᠠ ᠪᠠᠶᠢᠳᠠᠭ ᠶᠤᠮ ᠰᠦᠨ ᠳᠦ ᠰᠢᠩᠭᠡᠭᠰᠡᠨ ᠢᠷᠦᠭᠡᠯ ᠲᠠᠢ ᠦᠳᠡᠵᠦ ᠬᠦᠯᠢᠶᠡᠭᠰᠡᠨ ᠪᠤᠭᠤᠷᠤᠯ ᠡᠵᠢ ᠰᠦᠯᠳᠡᠲᠦ ᠮᠣᠩᠭᠣᠯ ᠤᠨ ᠵᠠᠶᠠᠭᠠᠨ ᠳᠤ ᠳᠠᠭᠠᠳᠬᠠᠵᠤ ᠵᠠᠯᠪᠠᠷᠢᠵᠦ ᠢᠷᠦᠭᠡᠨ ᠦᠷᠡᠰ ᠢᠶᠡᠨ ᠬᠦᠯᠢᠶᠡᠨ᠎ᠡ ᠡᠩᠭᠡᠷ ᠡᠴᠡ ᠨᠢ ᠰᠦ ᠰᠥᠯ ᠦᠨᠦᠷᠲᠦᠭᠰᠡᠨ ᠡᠩᠬᠦᠷᠠᠢ ᠦᠷ᠎ᠡ ᠴᠢᠨᠢ ᠬᠠᠷᠠᠭᠤᠯᠳᠤᠨ᠎ᠠ ᠡᠷᠭᠢᠬᠦ ᠵᠠᠮ ᠤᠨ ᠤᠷᠤᠰᠬᠠᠯ ᠰᠥᠷᠦᠭᠰᠡᠨ ᠢᠲᠡᠭᠡᠯᠲᠦ ᠬᠠᠨᠢ ᠴᠢᠨᠢ ᠬᠦᠯᠢᠶᠡᠨ᠎ᠡ ᠡᠷᠭᠢᠬᠦ ᠵᠠᠮ ᠤᠨ ᠤᠷᠤᠰᠬᠠᠯ ᠰᠥᠷᠦᠭᠰᠡᠨ ᠢᠲᠡᠭᠡᠯᠲᠦ ᠬᠠᠨᠢ ᠴᠢᠨᠢ ᠬᠦᠯᠢᠶᠡᠨ᠎ᠡ ᠤᠷᠤᠭᠠᠳ ᠠᠷᠢᠯᠤᠭᠰᠠᠨ ᠪᠣᠷᠤᠭᠠᠨ ᠤ ᠦᠨᠦᠷ ᠣᠷᠤᠢ ᠪᠠᠭᠤᠬᠤ ᠵᠢᠷᠭᠠᠯ ᠤᠨ ᠤᠯᠠᠭᠠᠨ ᠨᠠᠷᠠ ᠤᠳᠤᠳ ᠨᠢ ᠣᠶᠢᠷᠠᠬᠠᠨ ᠳᠡᠭᠷᠢ ᠶᠢᠨ ᠵᠠᠭᠠᠳᠠᠰᠤ ᠣᠴᠢ ᠬᠠᠶᠠᠯᠠᠭᠰᠠᠨ ᠠᠷᠭᠠᠯ ᠤᠨ ᠤᠲᠤᠭ᠎ᠠ ᠮᠣᠩᠭᠣᠯ ᠳᠦ ᠯᠠ ᠪᠠᠶᠢᠳᠠᠭ ᠶᠤᠮ ᠤᠷᠤᠭᠠᠳ ᠠᠷᠢᠯᠤᠭᠰᠠᠨ ᠪᠣᠷᠤᠭᠠᠨ ᠤ ᠦᠨᠦᠷ ᠣᠷᠤᠢ ᠪᠠᠭᠤᠬᠤ ᠵᠢᠷᠭᠠᠯ ᠤᠨ ᠤᠯᠠᠭᠠᠨ ᠨᠠᠷᠠ ᠤᠳᠤᠳ ᠨᠢ ᠣᠶᠢᠷᠠᠬᠠᠨ ᠳᠡᠭᠷᠢ ᠶᠢᠨ ᠵᠠᠭᠠᠳᠠᠰᠤ ᠣᠴᠢ ᠬᠠᠶᠠᠯᠠᠭᠰᠠᠨ ᠠᠷᠭᠠᠯ ᠤᠨ ᠤᠲᠤᠭ᠎ᠠ ᠮᠣᠩᠭᠣᠯ ᠳᠦ ᠯᠠ ᠪᠠᠶᠢᠳᠠᠭ ᠶᠤᠮ ᠮᠣᠩᠭᠣᠯ ᠳᠤ ᠪᠠᠨ ᠢᠷ᠎ᠡ ᠁