Huseed(期盼)

Lyrics: Bohbat Music: Bohbat ᠬᠤᠭᠤᠴᠠᠭ᠎ᠠ᠂ ᠬᠤᠪᠢᠷᠠᠯᠲᠠ ᠦᠭᠡᠢ ᠪᠠᠶᠢᠭᠰᠠᠨ ᠴᠤ ᠶᠤᠮ ᠤᠤ ᠨᠠᠳᠠ ᠳᠤ ᠲᠠᠭᠠᠯᠠᠭᠳᠠᠬᠤ ᠶᠠᠭᠤᠮ᠎ᠠ ᠪᠦᠬᠦᠨ ᠪᠦᠷ ᠮᠦᠨ ᠲᠡᠷᠡ ᠬᠡᠪ ᠢᠶᠠᠷ ᠢᠶᠠᠨ ᠳᠤᠷᠠᠰᠤᠭᠠᠳ᠂ ᠨᠠᠮᠠᠶᠢ ᠭᠡᠬᠦ ᠦᠭᠡ ᠳᠤ ᠪᠠᠨ ᠳᠤᠷᠠᠰᠤᠮᠵᠢ ᠪᠠᠨ ᠵᠦᠪᠬᠡᠨ ᠯᠡ ᠦᠯᠡᠳᠡᠵᠦ ᠪᠠᠶᠢᠭᠰᠠᠨ ᠡᠳᠡᠭᠡᠷ ᠵᠦᠢᠯᠡᠰ ᠤᠨ ᠲᠤᠬᠠᠢ ᠯᠡ ᠳᠠᠭᠤᠯᠠᠶ᠎ᠠ ᠭᠠᠭᠴᠠᠭᠠᠷ᠂ ᠡᠷᠡᠮᠡᠯᠵᠡᠭᠡᠳ ᠢᠷᠡᠭᠰᠡᠨ ᠠᠮᠢᠳᠤᠷᠠᠯ ᠳᠤ ᠪᠠᠨ ᠪᠦᠭᠦᠳᠡ ᠶᠢᠨ ᠬᠦᠰᠡᠵᠦ ᠪᠠᠶᠢᠭᠰᠠᠨ ᠴᠢᠨᠡᠭᠡᠯᠢᠭ ᠶᠠᠭᠤᠮ᠎ᠠ ᠭᠡᠵᠦ ᠪᠤᠳᠤᠭ᠎ᠠ ᠦᠭᠡᠢ ᠳᠠᠩᠳᠠ᠂ ᠬᠠᠯᠠᠭᠤᠨ ᠳᠤᠯᠠᠭᠠᠬᠠᠨ ᠬᠠᠷᠠᠴᠠ ᠪᠠᠷ ᠢᠶᠠᠨ ᠦᠭᠡᠳᠡ ᠠᠴᠠ ᠲᠠᠶᠢᠪᠤᠭᠤᠬᠠᠨ ᠰᠢᠷᠲᠡᠨ᠎ᠡ ᠬᠦᠰᠡᠭᠡᠳ᠂ ᠬᠦᠰᠡᠯ ᠤᠨ ᠢᠶᠠᠨ ᠤᠷᠴᠢᠯᠠᠩ ᠳᠤ ᠪᠠᠨ ᠨᠠᠳᠠ ᠳᠤ ᠴᠢᠮ᠎ᠠ ᠳᠤ ᠵᠤᠷᠢᠭᠤᠯᠵᠤ ᠪᠠᠶᠢᠭᠰᠠᠨ ᠬᠤᠭᠤᠴᠠᠭ᠎ᠠ ᠳᠤᠮᠳᠠ ᠪᠠᠨ ᠦᠯᠡᠳᠡᠬᠦ ᠤᠤ ᠬᠦᠰᠡᠭᠡᠳ᠂ ᠬᠦᠰᠡᠯ ᠤᠨ ᠢᠶᠠᠨ ᠲᠠᠪᠢᠯᠠᠩ ᠳᠤ ᠪᠠᠨ ᠦᠷᠭᠦᠯᠵᠢ ᠵᠢᠷᠭᠠᠯ ᠳᠦᠭᠦᠷᠡᠩ ᠪᠠᠶᠢᠬᠤ ᠶᠢ ᠰᠠᠨᠠᠭᠠᠯᠵᠠᠨ᠎ᠠ ᠬᠦᠰᠡᠭᠡᠳ᠂ ᠬᠦᠰᠡᠯ ᠢᠶᠠᠨ ᠬᠠᠭᠠᠴᠠᠮᠠᠷ ᠪᠠᠶᠢᠨ᠎ᠠ ᠭᠡᠵᠦ ᠤᠤ ᠬᠠᠭᠠᠴᠠᠮᠠᠷ ᠪᠠᠶᠢᠨ᠎ᠠ ᠭᠡᠵᠦ ᠤᠤ ᠲᠠᠶᠠᠭᠳᠠᠮᠠᠷ ᠪᠠᠶᠢᠨ᠎ᠠ ᠭᠡᠨ᠎ᠡ ᠤᠤ ᠬᠦᠰᠡᠭᠡᠳ᠂ ᠬᠦᠰᠡᠯ ᠢᠶᠠᠨ ᠲᠤᠯᠵᠤ ᠶᠠᠳᠠᠮᠠᠷ ᠬᠡᠵᠦ ᠤᠤ ᠬᠠᠭᠠᠴᠠᠯ ᠳᠤᠮᠳᠠ ᠦᠷᠭᠦᠯᠵᠢ ᠠᠶᠢᠰᠤᠨ᠎ᠠ ᠤᠴᠠᠷᠠᠯᠲᠠ᠂ ᠰᠠᠨᠠᠭᠠᠨ ᠳᠤ ᠦᠭᠡᠢ ᠢᠷᠡᠭᠰᠡᠨ ᠭᠡᠵᠦ ᠤᠤ ᠨᠠᠮᠠᠶᠢ ᠦᠷᠦ ᠡᠪᠡᠳᠴᠤ ᠪᠠᠶᠢᠭᠰᠠᠨ ᠵᠠᠶᠠᠭ᠎ᠠ ᠮᠢᠨᠢ ᠭᠤᠮᠤᠳᠠᠭ᠎ᠠ ᠦᠭᠡᠢ ᠳᠤᠷᠠᠲᠠᠢ᠂ ᠬᠠᠷᠢᠯᠴᠠᠵᠤ ᠪᠠᠶᠢᠭᠰᠠᠨ ᠪᠦᠬᠦᠨ ᠳᠤ ᠳᠤᠷᠠᠲᠠᠢ ᠵᠢᠷᠤᠬᠡ ᠶᠢ ᠭᠡᠶᠢᠭᠦᠯᠦᠭᠰᠡᠨ ᠨᠠᠮᠠᠶᠢ ᠴᠢ ᠬᠡᠵᠢᠶ᠎ᠡ ᠴᠤ ᠭᠤᠯᠤᠭ᠎ᠠ ᠦᠭᠡᠢ ᠬᠠᠶᠢᠷᠠᠲᠠᠢ᠂ ᠪᠢ ᠴᠢᠮ᠎ᠠ ᠳᠤ ᠪᠠᠨ ᠬᠠᠶᠢᠷᠠᠲᠠᠢ ᠭᠡᠵᠦ ᠬᠡᠯᠡᠬᠦ ᠤᠤ ᠨᠠᠨᠳᠢᠨ ᠳᠤᠷᠠᠰᠤᠯ ᠪᠦᠬᠦᠨ ᠮᠢᠨᠢ ᠦᠮᠴᠢᠨ ᠳᠤ ᠪᠠᠨ ᠬᠠᠳᠠᠭᠠᠯᠠᠲᠠᠢ ᠶᠠᠪᠤᠭᠰᠠᠭᠠᠷ᠂ ᠠᠮᠢᠳᠤᠷᠠᠯ ᠤᠨ ᠵᠠᠮ ᠳᠤ ᠪᠠᠨ ᠪᠢ ᠶᠠᠪᠤᠭᠰᠠᠭᠠᠷ ᠬᠡᠵᠢᠶᠡᠳᠡ ᠴᠢᠮ᠎ᠠ ᠶᠢ ᠪᠠᠨ ᠳᠤᠷᠠᠰᠤᠨ᠎ᠠ ᠬᠦᠰᠡᠭᠡᠳ᠂ ᠬᠦᠰᠡᠯ ᠤᠨ ᠢᠶᠠᠨ ᠤᠷᠴᠢᠯᠠᠩ ᠳᠤ ᠪᠠᠨ ᠨᠠᠳᠠ ᠳᠤ ᠴᠢᠮ᠎ᠠ ᠳᠤ ᠵᠤᠷᠢᠭᠤᠯᠵᠤ ᠪᠠᠶᠢᠭᠰᠠᠨ ᠬᠤᠭᠤᠴᠠᠭ᠎ᠠ ᠳᠤᠮᠳᠠ ᠪᠠᠨ ᠦᠯᠡᠳᠡᠬᠦ ᠤᠤ ᠬᠦᠰᠡᠭᠡᠳ᠂ ᠬᠦᠰᠡᠯ ᠤᠨ ᠢᠶᠠᠨ ᠲᠠᠪᠢᠯᠠᠩ ᠳᠤ ᠪᠠᠨ ᠦᠷᠭᠦᠯᠵᠢ ᠵᠢᠷᠭᠠᠯ ᠳᠦᠭᠦᠷᠡᠩ ᠪᠠᠶᠢᠬᠤ ᠶᠢ ᠰᠠᠨᠠᠭᠠᠯᠵᠠᠨ᠎ᠠ ᠬᠦᠰᠡᠭᠡᠳ᠂ ᠬᠦᠰᠡᠯ ᠢᠶᠠᠨ ᠬᠠᠭᠠᠴᠠᠮᠠᠷ ᠪᠠᠶᠢᠨ᠎ᠠ ᠭᠡᠵᠦ ᠤᠤ ᠬᠠᠭᠠᠴᠠᠮᠠᠷ ᠪᠠᠶᠢᠨ᠎ᠠ ᠭᠡᠵᠦ ᠤᠤ ᠲᠠᠶᠠᠭᠳᠠᠮᠠᠷ ᠪᠠᠶᠢᠨ᠎ᠠ ᠭᠡᠨ᠎ᠡ ᠤᠤ ᠬᠦᠰᠡᠭᠡᠳ᠂ ᠬᠦᠰᠡᠯ ᠢᠶᠠᠨ ᠲᠤᠯᠵᠤ ᠶᠠᠳᠠᠮᠠᠷ ᠬᠡᠵᠦ ᠤᠤ ᠬᠠᠭᠠᠴᠠᠯ ᠳᠤᠮᠳᠠ ᠦᠷᠭᠦᠯᠵᠢ ᠠᠶᠢᠰᠤᠨ᠎ᠠ