YAANAA

Lyrics: TZR Music: TZR MixingMIX:ETAGI Recording室Recording: LAKE Studio ᠪᠣᠳᠣᠯ ᠤᠨ ᠭᠦᠨ ᠳᠦ ᠴᠢ ᠮᠢᠨᠢ ᠨᠢᠭᠤᠴᠠᠬᠠᠨ ᠪᠠᠢᠨ᠎ᠠ ᠲᠠᠷᠢᠬᠢᠨ ᠳᠣᠲᠤᠷᠠᠬᠢ ᠳᠤᠷᠠᠰᠤᠮᠵᠢ ᠶᠢᠨ ᠬᠦᠨ ᠢᠶᠠᠨ ᠰᠡᠬᠦᠴᠡᠭᠰᠡᠨ ᠪᠠᠢᠨ᠎ᠠ ᠴᠢᠮ᠎ᠠ ᠶᠢ ᠪᠣᠳᠣᠬᠣ ᠲᠡᠷᠡ ᠰᠠᠨᠠᠭ᠎ᠠ ᠪᠡᠨ ᠬᠠᠭᠠᠰᠯᠠᠵᠤ ᠴᠢᠳᠠᠬᠤ ᠦᠭᠡᠢ ᠪᠠᠢᠨ᠎ᠠ ᠣᠳᠤ ᠨᠢᠭᠡ ᠯᠠ ᠮᠡᠳᠡᠬᠦ ᠳᠦ ᠬᠡᠳᠦᠨ ᠵᠢᠯ ᠢ ᠥᠩᠭᠡᠷᠡᠭᠦᠯᠦᠭᠰᠡᠨ ᠪᠠᠢᠨ᠎ᠠ ᠴᠢ ᠮᠢᠨᠢ ᠶᠡᠷᠦ ᠨᠢ ᠨᠠᠳᠠ ᠠᠴᠠ ᠬᠤᠯᠠᠬᠠᠨ ᠶᠠᠪᠤᠭᠰᠠᠨ ᠶᠣᠮ ᠤᠤ ᠡᠰᠡᠪᠡᠯ ᠵᠢᠷᠦᠬᠡᠨ ᠳᠦ ᠴᠢᠨᠢ ᠪᠢ ᠨᠢᠭᠡᠨᠲᠡ ᠬᠣᠭᠤᠰᠤᠷᠠᠴᠢᠬᠠᠪᠠ ᠤᠤ ᠢᠯᠭᠠᠭ᠎ᠠ ᠴᠦ ᠪᠠᠢᠬᠤ ᠦᠭᠡᠢ ᠴᠢ ᠨᠢᠭᠡᠨᠲᠡ ᠬᠦᠮᠦᠨ ᠦ ᠬᠢ ᠪᠣᠯᠴᠢᠬᠠᠪᠠ ᠤᠤ ᠬᠠᠢᠷᠠᠯᠠᠶ᠎ᠠ ᠭᠡᠰᠡᠨ ᠬᠠᠢᠷ᠎ᠠ ᠪᠠᠨ ᠬᠤᠨᠳᠠᠭᠠᠯᠠᠭᠠᠳ ᠪᠢ ᠰᠣᠭᠲᠣᠭᠤ ᠤᠤᠭᠤᠨ᠎ᠠ ᠡᠨᠡ ᠪᠣᠯ ᠳᠠᠪᠠᠯᠭᠠᠨ᠂ ᠵᠢᠭᠦᠷ ᠬᠤᠭᠤᠷᠠᠭᠰᠠᠨ ᠰᠢᠭ᠋ ᠰᠢᠷᠬᠠᠯᠠᠨ᠎ᠠ ᠲᠠᠷᠢᠬᠢᠨ ᠰᠤᠳᠠᠰᠤᠨ ᠳᠤ ᠭᠠᠰᠢᠭᠤᠨ ᠳᠠᠯᠠᠢ ᠮᠡᠲᠦ ᠪᠡᠷ ᠪᠣᠷᠭᠢᠯᠤᠨ᠎ᠠ ᠣᠷᠭᠢᠯᠤᠨ᠎ᠠ ᠴᠢᠮ᠎ᠠ ᠶᠢ ᠦᠯᠡᠳᠡᠭᠡᠬᠦ ᠰᠡᠳᠬᠢᠯ ᠣᠷᠭᠢᠯᠤᠨ᠎ᠠ ᠭᠠᠭᠴᠠᠭᠠᠷ ᠪᠣᠳᠤᠯᠭᠠᠰᠢᠷᠠᠭᠰᠠᠨ ᠪᠠᠢᠳᠠᠯ ᠲᠠᠢ ᠪᠢ ᠭᠠᠩᠰᠠᠷᠠᠨ᠎ᠠ ᠶᠡᠷᠦ ᠨᠢ ᠴᠢ ᠨᠠᠮ᠎ᠠ ᠶᠢ ᠢᠵᠢᠯᠢ ᠬᠠᠨᠢ ᠪᠠᠨ ᠪᠣᠯᠭᠠᠬᠤ ᠦᠭᠡᠢ ᠭᠡᠰᠡᠨ ᠨᠢᠭᠤᠷ ᠤᠨ ᠠᠷᠠᠰᠤ ᠵᠤᠵᠠᠭᠠᠨ ᠪᠣᠯᠬᠣᠷ ᠠᠷᠤ ᠠᠴᠠ ᠴᠢᠨᠢ ᠲᠤᠭᠤᠵᠤ ᠪᠠᠢᠭᠰᠠᠨ ᠪᠦᠲᠦᠨ ᠬᠤᠶᠠᠷ ᠵᠢᠯ ᠢᠶᠡᠷ ᠦᠬᠦᠲᠡᠯ᠎ᠡ ᠴᠢᠮ᠎ᠠ ᠶᠢ ᠭᠤᠶᠤᠭᠰᠠᠨ ᠬᠠᠷᠢᠨ ᠲᠠᠬᠢᠨ ᠠᠭᠤᠯᠵᠠᠬᠤ ᠳᠤ ᠴᠢ ᠬᠦᠮᠦᠨ ᠦ ᠭᠠᠷ ᠢ ᠬᠥᠲᠦᠯᠦᠴᠢᠬᠡᠵᠡᠢ oh damn ᠣᠳᠤ ᠶᠠᠭᠠᠬᠢᠬᠤ ᠶᠢᠨ ᠪᠣᠢ ᠣᠳᠣ ᠶᠠᠭᠠᠬᠢᠬᠤ ᠶᠢᠨ ᠪᠣᠢ ᠬᠠᠷᠠᠩᠭᠤᠢ ᠶᠢ ᠦᠵᠡᠭᠡ ᠦᠭᠡᠢ ᠮᠢᠨᠤ ᠬᠣᠶᠠᠷ ᠨᠢᠳᠦ ᠲᠠᠭ ᠬᠣᠭᠤᠰᠤᠷᠠᠭᠰᠠᠨ ᠬᠠᠢᠷ᠎ᠠ ᠠᠮᠰᠠᠭ᠎ᠠ ᠦᠭᠡᠢ ᠮᠢᠨᠤ ᠥᠨᠦᠴᠢᠨ ᠳᠤᠷᠠᠯᠠᠯ ᠪᠤᠲᠠᠷᠠᠭᠰᠠᠨ ᠪᠣᠳᠣᠯ ᠤᠨ ᠭᠦᠨ ᠳᠦ ᠴᠢ ᠮᠢᠨᠢ ᠨᠢᠭᠤᠴᠠᠬᠠᠨ ᠪᠠᠢᠨ᠎ᠠ ᠲᠠᠷᠢᠬᠢᠨ ᠳᠣᠲᠤᠷᠠᠬᠢ ᠳᠤᠷᠠᠰᠤᠮᠵᠢ ᠶᠢᠨ ᠬᠦᠨ ᠢᠶᠠᠨ ᠰᠡᠬᠦᠴᠡᠭᠰᠡᠨ ᠪᠠᠢᠨ᠎ᠠ ᠴᠢᠮ᠎ᠠ ᠶᠢ ᠪᠣᠳᠣᠬᠣ ᠲᠡᠷᠡ ᠰᠠᠨᠠᠭ᠎ᠠ ᠪᠡᠨ ᠬᠠᠭᠠᠰᠯᠠᠵᠤ ᠴᠢᠳᠠᠬᠤ ᠦᠭᠡᠢ ᠪᠠᠢᠨ᠎ᠠ ᠣᠳᠤ ᠨᠢᠭᠡ ᠯᠠ ᠮᠡᠳᠡᠬᠦ ᠳᠦ ᠬᠡᠳᠦᠨ ᠵᠢᠯ ᠢ ᠥᠩᠭᠡᠷᠡᠭᠦᠯᠦᠭᠰᠡᠨ ᠪᠠᠢᠨ᠎ᠠ ᠴᠢ ᠮᠢᠨᠢ ᠶᠡᠷᠦ ᠨᠢ ᠨᠠᠳᠠ ᠠᠴᠠ ᠬᠤᠯᠠᠬᠠᠨ ᠶᠠᠪᠤᠭᠰᠠᠨ ᠶᠣᠮ ᠤᠤ ᠡᠰᠡᠪᠡᠯ ᠵᠢᠷᠦᠬᠡᠨ ᠳᠦ ᠴᠢᠨᠢ ᠪᠢ ᠨᠢᠭᠡᠨᠲᠡ ᠬᠣᠭᠤᠰᠤᠷᠠᠴᠢᠬᠠᠪᠠ ᠤᠤ ᠢᠯᠭᠠᠭ᠎ᠠ ᠴᠦ ᠪᠠᠢᠬᠤ ᠦᠭᠡᠢ ᠴᠢ ᠨᠢᠭᠡᠨᠲᠡ ᠬᠦᠮᠦᠨ ᠦ ᠬᠢ ᠪᠣᠯᠴᠢᠬᠠᠪᠠ ᠤᠤ ᠬᠠᠢᠷᠠᠯᠠᠶ᠎ᠠ ᠭᠡᠰᠡᠨ ᠬᠠᠢᠷ᠎ᠠ ᠪᠠᠨ ᠬᠤᠨᠳᠠᠭᠠᠯᠠᠭᠠᠳ ᠪᠢ ᠰᠣᠭᠲᠣᠭᠤ ᠤᠤᠭᠤᠨ᠎ᠠ ᠪᠣᠳᠤᠯ ᠤ ᠭᠦᠨ ᠡᠴᠡ ᠥᠪᠡᠷ ᠦᠨ ᠢᠶᠡᠨ ᠰᠡᠳᠬᠢᠯ ᠢᠶᠡᠨ ᠣᠯᠵᠤ ᠬᠠᠷᠠᠯ᠎ᠠ ᠪᠣᠯᠬᠤ ᠪᠣᠯᠬᠤ ᠦᠭᠡᠢ ᠭᠡᠳᠡᠭ ᠢ ᠰᠡᠳᠡᠭᠰᠡᠭᠡᠷ ᠪᠠᠢᠭᠠᠳ ᠪᠠᠢᠳᠠᠭ ᠢᠶᠠᠨ ᠤᠮᠠᠷᠳᠠᠯ᠎ᠠ ᠰᠣᠭᠲᠤᠭᠤ ᠰᠠᠭᠤᠯ᠎ᠠ᠂ ᠵᠢᠷᠦᠬᠡᠨ ᠦ ᠪᠡᠨ ᠰᠢᠪᠡᠨᠡᠭᠡ ᠶᠢ ᠬᠠᠢᠵᠤ ᠰᠠᠭᠤᠯ᠎ᠠ ᠬᠠᠢᠷ᠎ᠠ ᠭᠡᠳᠡᠭ ᠴᠢᠨᠢ ᠬᠠᠷ᠎ᠠ ᠨᠦᠬᠡᠨ ᠦ ᠲᠡᠮᠳᠡᠭ ᠦᠭᠡ ᠭᠡᠳᠡᠭ ᠢ ᠰᠠᠶ᠋ᠢ ᠮᠡᠳᠡᠯ᠎ᠡ ᠴᠢᠮ᠎ᠠ ᠶᠢ ᠲᠣᠭᠤᠷᠢᠭᠠᠳ ᠭᠠᠯᠵᠠᠭᠤᠷᠠᠵᠤ ᠶᠠᠪᠤᠬᠤ ᠳᠤ ᠨᠥᠭᠦᠭᠡ ᠬᠠᠢᠷᠠᠲᠤ ᠮᠢᠨᠢ ᠴᠢᠨᠢ ᠬᠠᠮᠢᠭ᠎ᠠ ᠭᠠᠵᠠᠷ ᠰᠢᠷᠦᠢ ᠤᠬᠤᠵᠤ ᠪᠠᠢᠯ᠎ᠠ ᠨᠠᠳᠠ ᠠᠴᠠ ᠶᠡᠷᠦ ᠬᠣᠯᠠ ᠳᠡᠭᠡᠷ᠎ᠡ ᠶᠣᠮ ᠤᠤ᠂ ᠶᠠᠭᠤᠨ ᠳᠤ ᠡᠢᠮᠦ ᠶᠠᠭᠤᠮ᠎ᠠ ᠣᠯᠣᠭᠰᠠᠨ ᠪᠣᠢ ᠴᠢ ᠴᠢᠨᠢ ᠲᠣᠯᠢᠨ ᠤ ᠬᠠᠷᠠᠯ᠎ᠠ᠂ ᠨᠢᠳᠦ ᠪᠡᠨ ᠪᠦᠯᠳᠡᠢᠯᠭᠡᠵᠦ ᠰᠠᠢᠨ ᠨᠢᠭᠡ ᠬᠠᠷᠠᠯ᠎ᠠ ᠲᠣᠯᠢ ᠭᠡᠳᠡᠭ ᠴᠢᠨᠢ ᠵᠢᠰᠦ ᠶᠢ ᠦᠵᠡᠬᠦ ᠡᠴᠡ ᠵᠢᠷᠦᠬᠡ ᠶᠢ ᠦᠵᠡᠵᠦ ᠴᠢᠳᠠᠬᠤ ᠦᠭᠡᠢ ᠪᠠᠢᠯ᠎ᠠ ᠪᠣᠳᠣᠯ ᠢᠶᠠᠨ ᠪᠠᠷᠢᠨ ᠴᠢᠨᠦ ᠵᠢᠰᠦ ᠶᠢ ᠲᠠᠬᠢᠨ ᠰᠢᠷᠲᠡᠵᠦ ᠰᠠᠭᠤᠯ᠎ᠠ ᠵᠢᠷᠣᠭ ᠴᠢᠨᠢ ᠵᠢᠷᠦᠬᠡ ᠪᠣᠯᠵᠤ ᠳᠦᠷᠢ ᠴᠢᠨᠢ ᠳᠤᠷ᠎ᠠ ᠪᠣᠯᠵᠤ ᠲᠡᠥᠬᠡ ᠶᠢᠨ ᠪᠢᠴᠢᠭ ᠲᠦ ᠭᠦᠨ ᠢᠶᠡᠷ ᠦᠯᠡᠳᠡᠯ᠎ᠡ ᠲᠡᠥᠬᠡ ᠶᠢᠨ ᠪᠢᠴᠢᠭ ᠢᠶᠡᠨ ᠡᠷᠭᠢᠭᠦᠯᠵᠦ ᠪᠢ᠂ ᠡᠬᠢᠨ ᠦ ᠨᠢᠭᠤᠷ ᠢ ᠰᠢᠷᠲᠡᠵᠦ ᠦᠵᠡᠯ᠎ᠡ ᠬᠡᠥᠬᠡᠳ ᠦᠨ ᠦᠯᠢᠭᠡᠷ ᠭᠡᠰᠡᠨ ᠭᠠᠷᠴᠠᠭ ᠨᠠᠮ᠎ᠠ ᠶᠢ ᠭᠠᠢᠬᠠᠭᠳᠠᠯ᠎ᠠ ᠰᠡᠷᠢᠭᠡᠯ᠎ᠡ ᠪᠣᠳᠣᠯ ᠤᠨ ᠭᠦᠨ ᠳᠦ ᠴᠢ ᠮᠢᠨᠢ ᠨᠢᠭᠤᠴᠠᠬᠠᠨ ᠪᠠᠢᠨ᠎ᠠ ᠲᠠᠷᠢᠬᠢᠨ ᠳᠣᠲᠤᠷᠠᠬᠢ ᠳᠤᠷᠠᠰᠤᠮᠵᠢ ᠶᠢᠨ ᠬᠦᠨ ᠢᠶᠠᠨ ᠰᠡᠬᠦᠴᠡᠭᠰᠡᠨ ᠪᠠᠢᠨ᠎ᠠ ᠴᠢᠮ᠎ᠠ ᠶᠢ ᠪᠣᠳᠣᠬᠣ ᠲᠡᠷᠡ ᠰᠠᠨᠠᠭ᠎ᠠ ᠪᠡᠨ ᠬᠠᠭᠠᠰᠯᠠᠵᠤ ᠴᠢᠳᠠᠬᠤ ᠦᠭᠡᠢ ᠪᠠᠢᠨ᠎ᠠ ᠣᠳᠤ ᠨᠢᠭᠡ ᠯᠠ ᠮᠡᠳᠡᠬᠦ ᠳᠦ ᠬᠡᠳᠦᠨ ᠵᠢᠯ ᠢ ᠥᠩᠭᠡᠷᠡᠭᠦᠯᠦᠭᠰᠡᠨ ᠪᠠᠢᠨ᠎ᠠ ᠴᠢ ᠮᠢᠨᠢ ᠶᠡᠷᠦ ᠨᠢ ᠨᠠᠳᠠ ᠠᠴᠠ ᠬᠤᠯᠠᠬᠠᠨ ᠶᠠᠪᠤᠭᠰᠠᠨ ᠶᠣᠮ ᠤᠤ ᠡᠰᠡᠪᠡᠯ ᠵᠢᠷᠦᠬᠡᠨ ᠳᠦ ᠴᠢᠨᠢ ᠪᠢ ᠨᠢᠭᠡᠨᠲᠡ ᠬᠣᠭᠤᠰᠤᠷᠠᠴᠢᠬᠠᠪᠠ ᠤᠤ ᠢᠯᠭᠠᠭ᠎ᠠ ᠴᠦ ᠪᠠᠢᠬᠤ ᠦᠭᠡᠢ ᠴᠢ ᠨᠢᠭᠡᠨᠲᠡ ᠬᠦᠮᠦᠨ ᠦ ᠬᠢ ᠪᠣᠯᠴᠢᠬᠠᠪᠠ ᠤᠤ ᠬᠠᠢᠷᠠᠯᠠᠶ᠎ᠠ ᠭᠡᠰᠡᠨ ᠬᠠᠢᠷ᠎ᠠ ᠪᠠᠨ ᠬᠤᠨᠳᠠᠭᠠᠯᠠᠭᠠᠳ ᠪᠢ ᠰᠣᠭᠲᠣᠭᠤ ᠤᠤᠭᠤᠨ᠎ᠠ ᠬᠠᠮᠢᠭᠠᠰᠢ ᠬᠠᠮᠢᠭᠠᠰᠢ ᠭᠡᠵᠦ ᠦᠢᠯᠡ ᠪᠡᠨ ᠪᠢ ᠪᠠᠷᠠᠨ᠎ᠠ ᠳᠠᠷᠢᠬᠢᠨ ᠳᠤ ᠪᠠᠨ ᠴᠢᠮ᠎ᠠ ᠶᠢ ᠪᠡᠨ ᠮᠠᠷᠲᠠᠬᠤ ᠭᠡᠵᠦ ᠰᠠᠭᠠᠨ᠎ᠠ ᠳᠣᠷᠤᠭᠰᠢ ᠳᠣᠷᠤᠭᠰᠢ ᠭᠡᠵᠦ ᠳᠤᠷᠠᠰᠤᠮᠵᠢ ᠪᠠᠨ ᠲᠠᠷᠠᠭᠠᠨ᠎ᠠ ᠳᠤᠷᠠᠯᠠᠯ ᠳᠤᠮᠳᠠ ᠥᠪᠡᠷ ᠦᠨ ᠢᠶᠡᠨ ᠪᠡᠶ᠎ᠡ ᠪᠠᠨ ᠪᠢ ᠴᠢᠯᠡᠭᠡᠨ᠎ᠡ ᠴᠢᠮ᠎ᠠ ᠶᠢ ᠪᠢ ᠦᠨᠡᠭᠡᠷᠡᠨ ᠰᠠᠨᠠᠨ᠎ᠠ᠂ ᠬᠦᠮᠦᠨ ᠦ ᠬᠢ ᠭᠡᠵᠦ ᠦᠨᠡᠭᠡᠷᠡᠨ ᠵᠤᠪᠠᠨ᠎ᠠ ᠭᠠᠳᠠᠨ᠎ᠠ ᠲᠡᠷᠡ ᠬᠠᠷᠠᠩᠭᠤᠢ ᠳᠤ ᠳᠡᠯᠴᠢᠯᠡᠭᠰᠡᠨ ᠬᠤᠭᠤᠷᠠᠬᠠᠢ ᠳᠠᠯᠠᠪᠴᠢ ᠲᠠᠢ ᠬᠠᠷᠢᠶᠠᠴᠠᠢ ᠶᠢ ᠬᠡᠥᠬᠡᠨ ᠴᠢ ᠨᠠᠮ᠎ᠠ ᠶᠢ ᠪᠡᠷ ᠬᠠᠷᠢᠴᠠᠭᠤᠯᠤᠨ ᠵᠦᠢᠷᠯᠡ ᠵᠢᠷᠦᠬᠡᠨ ᠳᠦ ᠴᠢᠨᠢ ᠮᠢᠨᠤ ᠭᠡᠰᠡᠨ ᠣᠷᠤᠨ ᠵᠠᠢ ᠪᠠᠢᠭ᠎ᠠ ᠬᠠᠶᠠ ᠳᠤ ᠪᠠᠨ ᠴᠢ ᠨᠠᠮ᠎ᠠ ᠶᠢ ᠳᠤᠷᠠᠰᠴᠤ ᠪᠠᠰᠠ ᠰᠠᠨᠠᠨ᠎ᠠ ᠬᠠᠵᠠᠭᠤ ᠳᠠᠬᠢ ᠬᠠᠨᠢ ᠶᠢᠨ ᠢᠶᠡᠨ ᠳᠡᠷᠭᠡᠳᠡ ᠴᠤᠭ ᠪᠠᠢᠬᠤ ᠳᠤ ᠴᠢ ᠨᠠᠮ᠎ᠠ ᠶᠢ ᠪᠡᠷ ᠲᠡᠭᠦᠨ ᠢ ᠪᠡᠨ ᠣᠷᠤᠯᠠᠭᠰᠠᠨ ᠪᠠᠢᠪᠠ ᠤᠤ ᠵᠢᠷᠦᠬᠡᠨ ᠳᠡᠬᠢ ᠰᠡᠪ ᠢᠶᠡᠷ ᠴᠢᠨᠢ ᠠᠯᠬᠤᠭᠰᠠᠨ ᠪᠠᠢᠪᠠ ᠤᠤ ᠬᠠᠢᠷ᠎ᠠ ᠠ ᠭᠡᠵᠦ ᠨᠠᠮ᠎ᠠ ᠶᠢ ᠪᠡᠨ ᠳᠠᠭᠤᠳᠠᠶ᠎ᠠ ᠭᠡᠵᠦ ᠪᠠᠢᠪᠠ ᠤᠤ ᠬᠠᠷᠢᠭᠤ ᠦᠭᠡᠢ ᠸᠢᠴᠠᠲ ᠢ ᠬᠠᠷᠠᠭᠰᠠᠭᠠᠷ ᠪᠠᠢᠵᠤ ᠵᠢᠷᠦᠬᠡ ᠮᠢᠨᠢ ᠦᠬᠦᠭᠡᠳ ᠡᠴᠦᠰ ᠲᠦ ᠪᠡᠨ ᠲᠠᠢᠪᠤᠭᠤ