Lyrics: Yusten Music: Yusten ᠡᠭᠦᠯᠡᠨ ᠴᠠᠭᠠᠭᠤᠷ ᠦᠵᠡᠰᠬᠦᠯᠡᠩ ᠭᠤᠸ᠎ᠠ ᠪᠡᠨ ᠳᠠᠯᠳᠠᠯᠠᠨ ᠪᠠᠶ᠋ᠢᠳᠠᠭ ᠰᠣᠯᠤᠩᠭᠠᠨ ᠦᠬᠢᠨ ᠡᠷᠭᠢᠵᠦ ᠬᠠᠷᠠᠬᠤ ᠳ᠋ᠤ᠌ ᠪᠠᠨ ᠪᠥᠮᠪᠥᠷᠴᠡᠭ ᠢ ᠤᠶᠠᠷᠠᠭᠠᠨ᠎ᠠ ᠳᠡᠯᠡᠬᠡᠢ ᠳ᠋ᠦ᠍ ᠴᠢᠮ᠎ᠠ ᠦᠭᠡᠢ ᠪᠡᠷ ᠦᠩᠭᠡ ᠨᠢᠭᠡ ᠪᠠᠷ  ᠳᠤᠲᠠᠨ᠎ᠠ ᠬᠠᠶ᠋ᠢᠷᠠᠳᠤ ᠮᠢᠨᠢ ᠴᠢ ᠮᠢᠨᠤ ᠰᠣᠯᠣᠩᠭ᠎ᠠ ᠥᠬᠢᠨ ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ ᠬᠠᠶ᠋ᠢᠷᠠᠨ ᠳ᠋ᠤ᠌ ᠪᠠᠨ ᠬᠠᠯᠠᠭᠤᠷᠠᠨ ᠪᠥᠵᠢᠭᠯᠡᠨ᠎ᠡ ᠬᠠᠶ᠋ᠢᠷᠠᠳᠤ ᠮᠢᠨᠢ ᠂ ᠬᠠᠨᠢ ᠮᠢᠨᠢ ᠰᠣᠯᠤᠩᠭᠠᠨ ᠥᠬᠢᠨ ᠮᠢᠨᠢ ᠬᠠᠶ᠋ᠢᠷ᠎ᠠ ᠭᠡᠳᠡᠭ ᠢ ᠣᠶ᠋ᠢᠯᠠᠭᠠᠬᠤ ᠠ᠋ᠴᠠ ᠡᠮᠦᠨ᠎ᠡ ᠬᠠᠶ᠋ᠢᠷ᠎ᠠ ᠶ᠋ᠢᠨ ᠳᠣᠨᠳᠤᠯᠳᠠ ᠳ᠋ᠤ᠌ ᠭᠦᠨ ᠤᠨᠠᠵᠠᠢ ᠬᠠᠮᠤᠭ ᠶᠢᠷᠲᠢᠨᠴᠦ ᠶ᠋ᠢ ᠲᠤᠶᠠᠭᠠᠷᠠᠭᠤᠯᠤᠭᠰᠠᠨ ᠢᠨᠢᠶᠡᠮᠰᠦᠭᠯᠡᠯ ᠳ᠋ᠦ᠍ ᠴᠢᠨᠢ ᠤᠶᠠᠷᠠᠵᠠᠢ ᠬᠠᠷᠠᠴᠠ ᠬᠠᠷᠠᠴᠠᠨ ᠳ᠋ᠤ᠌ ᠪᠠᠨ ᠲᠣᠳᠤᠷᠠᠭᠰᠠᠨ ᠠᠷᠢᠭᠤᠬᠠᠨ ᠬᠠᠶ᠋ᠢᠷᠠᠨ ᠳ᠋ᠠᠭᠠᠨ ᠬᠠᠯᠠᠭᠤᠷᠠᠵᠠᠢ ᠪᠤᠷᠮ᠎ᠠ ᠶ᠋ᠢᠨ ᠠᠮᠳᠠᠳᠠᠢ ᠦᠭᠡᠰ ᠢᠶ᠋ᠡᠨ ᠴᠤᠭᠯᠠᠭᠤᠯᠵᠤ ᠬᠥᠭᠵᠢᠶᠡᠨᠲᠦ ᠳᠠᠭᠤᠨ ᠳ᠋ᠤ᠌ ᠪᠠᠨ ᠳᠥᠷᠥᠭᠡᠯᠡᠨ ᠬᠡᠷᠡᠭᠯᠡᠵᠦ ᠪᠣᠰᠤᠭ᠎ᠠ ᠮᠣᠩᠭᠣᠯ ᠤᠨ ᠤᠭᠰᠠᠭ᠎ᠠ ᠶ᠋ᠢ ᠵᠠᠯᠭᠠᠵᠤ ᠬᠦᠬᠡ ᠲᠡᠭᠷᠢ ᠶ᠋ᠢᠨ ᠢᠶ᠋ᠠᠨ ᠳᠣᠣᠷ᠎ᠠ ᠵᠢᠷᠭᠠᠨ᠎ᠠ ᠪᠠᠶ᠋ᠢᠳᠠᠭ ᠬᠠᠶ᠋ᠢᠷ᠎ᠠ ᠶ᠋ᠢᠨ ᠳᠠᠭᠤᠤ ᠪᠡᠨ ᠴᠢᠮ᠎ᠠ ᠳ᠋ᠠᠭᠠᠨ ᠪᠣᠷᠣᠬᠠᠨ ᠵᠢᠷᠦᠬᠡ ᠮᠢᠨᠢ ᠬᠡᠵᠢᠶᠡᠳᠡ ᠴᠢᠮ᠎ᠠ ᠳ᠋ᠠᠭᠠᠨ ᠰᠤᠪᠤᠳ ᠴᠠᠭᠠᠨ ᠭᠠᠷ ᠢ ᠴᠢᠨᠢ ᠠᠳᠬᠤᠨ ᠬᠣᠷᠸ᠎ᠠ  ᠵᠢ ᠪᠠᠶᠠᠰᠤᠳᠠᠯᠠ ᠪᠥᠵᠢᠭᠯᠡᠨ᠎ᠡ ᠬᠠᠶ᠋ᠢᠷᠠᠳᠤ ᠮᠢᠨᠢ ᠴᠢ ᠮᠢᠨᠤ ᠰᠣᠯᠣᠩᠭ᠎ᠠ ᠥᠬᠢᠨ ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ ᠬᠠᠶ᠋ᠢᠷᠠᠨ ᠳ᠋ᠤ᠌ ᠪᠠᠨ ᠬᠠᠯᠠᠭᠤᠷᠠᠨ ᠪᠥᠵᠢᠭᠯᠡᠨ᠎ᠡ ᠬᠠᠶ᠋ᠢᠷᠠᠳᠤ ᠮᠢᠨᠢ ᠴᠢ ᠮᠢᠨᠤ ᠰᠣᠯᠣᠩᠭ᠎ᠠ ᠥᠬᠢᠨ ᠭᠠᠷ ᠢ ᠮᠢᠨᠢ ᠠᠳᠬᠤᠭᠠᠴᠢ ᠬᠠᠵᠠᠭᠤ ᠳ᠋ᠤ᠌ ᠮᠢᠨᠢ ᠣᠶ᠋ᠢᠷᠠᠳᠤᠭᠠᠴᠢ ᠬᠣᠶᠠᠭᠤᠯᠠ ᠡᠨᠡ ᠯᠡ ᠴᠡᠩᠭᠡᠯ ᠦᠨ ᠣᠷᠣᠨ ᠳ᠋ᠠᠭᠠᠨ