Amidral

Music: Javkhlan Samand ᠠᠮᠢᠳᠤᠷᠠᠯ ᠦᠭᠡ᠄ ᠰᠣᠶᠤᠩᠪᠤ ᠠᠶᠠᠯᠭᠤ᠄ ᠨᠠᠶᠢᠳᠠᠨᠵᠠᠪ ᠳᠠᠭᠤᠴᠢᠨ᠄ ᠰᠠᠮᠠᠨᠳᠠ ᠶᠢᠨ ᠵᠢᠪᠬᠤᠯᠠᠩ ᠬᠦᠦ ᠨᠢ ᠡᠵᠢ ᠳᠦ ᠪᠡᠨ ᠡᠷᠬᠡᠯᠡᠭᠰᠡᠨ ᠬᠦᠰᠡᠭᠡᠳ ᠢᠷᠡᠬᠦ ᠦᠭᠡᠢ ᠲᠠᠪᠢᠯᠠᠩ ᠮᠢᠨᠢ ᠬᠦᠮᠦᠨ ᠦ ᠳᠠᠶᠢᠲᠠᠢ ᠶᠠᠪᠤᠬᠤ ᠰᠠᠨ ᠭᠡᠳ ᠬᠦᠯᠦᠭ  ᠤᠨ ᠵᠢᠯᠣᠭᠣ ᠪᠠᠨ ᠳᠠᠲᠠᠭᠰᠠᠨ ᠦᠭᠡᠢ ᠠᠢ ᠠᠮᠢᠳᠤᠷᠠᠯ ᠮᠢᠨᠢ ᠴᠢ ᠠᠶᠠᠯᠭᠤᠲᠤ ᠳᠠᠭᠤᠤ ᠬᠤᠭᠣᠷ ᠮᠢᠨᠢ ᠦᠨᠡᠨ ᠲᠠᠢ ᠬᠤᠳᠠᠯ ᠲᠠᠢ ᠤᠷᠴᠢᠯᠠᠩ ᠢ ᠦᠭᠡᠶᠢᠯᠡᠬᠦ ᠶᠤᠮ ᠳᠤᠤᠯᠢᠮ᠎ᠠ ᠠᠴᠠ ᠣᠯᠳᠠᠭᠰᠠᠨ ᠲᠠᠪᠢᠯᠠᠩ ᠮᠢᠨᠢ ᠳᠠᠭᠤᠯᠠᠭᠠᠳ ᠤᠶᠠᠷᠠᠭᠠᠳ ᠤᠬᠠᠭᠠᠵᠢᠭᠰᠠᠨ ᠳᠤᠮᠳᠠᠭᠤᠷ ᠵᠢᠷᠭᠠᠯ ᠢ ᠳᠦᠭᠦᠷᠭᠡᠬᠦ ᠭᠡᠳ ᠳᠠᠭᠤᠯᠠᠵᠤ ᠯᠠ ᠶᠠᠪᠤᠭ᠎ᠠ ᠵᠠᠶᠠᠭ᠎ᠠ ᠮᠢᠨᠢ ᠠᠢ ᠠᠮᠢᠳᠤᠷᠠᠯ ᠮᠢᠨᠢ ᠴᠢ ᠠᠶᠠᠯᠭᠤᠲᠤ ᠳᠠᠭᠤᠤ ᠬᠤᠭᠣᠷ ᠮᠢᠨᠢ ᠬᠠᠲᠠᠭᠤ ᠲᠠᠢ ᠵᠥᠭᠡᠯᠡᠨ ᠲᠠᠢ ᠬᠣᠷᠸ᠎ᠠ ᠶᠢ ᠠᠷᠭᠠᠳᠠᠬᠤ ᠶᠤᠮ ᠨᠠᠷᠠ ᠨᠢ ᠳᠡᠯᠡᠭᠡᠢ ᠶᠢ ᠭᠡᠶᠢᠭᠦᠯᠦᠭᠰᠡᠨ ᠨᠠᠮ᠎ᠠ ᠶᠢ ᠲᠣᠭᠤᠷᠢᠭᠰᠠᠨ ᠠᠮᠢᠳᠤᠷᠠᠯ ᠮᠢᠨᠢ ᠨᠠᠰᠤ ᠨᠢ ᠵᠠᠯᠠᠭᠤᠬᠠᠨ ᠮᠥᠷᠦᠭᠡᠳᠦᠯ ᠳᠦ ᠮᠢᠨᠢ ᠵᠢᠭᠦᠷ ᠨᠡᠮᠡᠭᠰᠡᠨ ᠠᠮᠢᠳᠤᠷᠠᠯ ᠮᠢᠨᠢ ᠠᠢ ᠠᠮᠢᠳᠤᠷᠠᠯ ᠮᠢᠨᠢ ᠴᠢ ᠠᠶᠠᠯᠭᠤᠲᠤ ᠳᠠᠭᠤᠤ ᠬᠤᠭᠣᠷ ᠮᠢᠨᠢ ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠤᠨ ᠵᠠᠮ ᠮᠢᠨᠢ ᠳ᠋ᠧ ᠠ ᠁ ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠤᠨ ᠵᠠᠮ ᠮᠢᠨᠢ ᠳ᠋ᠧ ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠮᠢᠨᠢ ᠬᠥᠪᠥᠷᠡᠭᠰᠡᠨ