Lyrics: Tsogsogmaa Tarvaa
Music: Tsogsogmaa Tarvaa
ᠬᠢᠰᠬᠢᠵᠤ ᠶᠠᠪᠤᠭ᠎ᠠ ᠴᠡᠴᠡᠭᠲᠦ ᠨᠣᠭᠣᠭᠠᠨ ᠭᠠᠵᠠᠷ ᠮᠢᠨᠢ
ᠭᠡᠷᠡᠯᠲᠦ ᠨᠠᠷᠠᠨ ᠤ ᠴᠡᠯᠮᠡᠭ ᠨᠣᠮᠢᠨ ᠲᠡᠭᠷᠢ ᠮᠢᠨᠢ
ᠡᠬᠡ ᠣᠷᠣᠨ ᠲᠥᠷᠥᠯᠬᠢ ᠮᠢᠨᠤ ᠥᠯᠦᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ
ᠲᠠᠶ᠋ᠢᠭᠠ ᠶ᠋ᠢᠨ ᠨᠢᠷᠤᠭᠤᠨ ᠳ᠋ᠠᠭᠠᠨ ᠠᠩ ᠠᠮᠢᠲᠠᠨ ᠰᠢᠪᠡᠭᠡᠯᠡᠭᠰᠡᠨ
ᠲᠠᠯ᠎ᠠ ᠶ᠋ᠢᠨ ᠲᠠᠩ ᠢ᠋ᠶ᠋ᠠᠷ ᠮᠠᠯ ᠰᠦᠷᠦᠭ ᠰᠢᠯᠭᠡᠭᠡᠭᠰᠡᠨ
ᠲᠠᠯᠪᠢᠭᠠᠳ ᠨᠤᠲᠤᠭ ᠮᠢᠨᠢ ᠰᠠᠩ ᠡᠷᠳᠡᠨᠢ ᠪᠡᠷ ᠰᠢᠷᠢᠲᠡᠭᠯᠡᠭᠰᠡᠨ
ᠲᠠᠩᠰᠤᠭ ᠵᠢᠷᠭᠠᠯ ᠢ ᠬᠦᠮᠦᠨ ᠠᠷᠠᠳ ᠲᠠᠭ᠎ᠠ ᠰᠢᠩᠭᠡᠭᠡᠭᠰᠡᠨ
ᠠᠶᠠᠰ ᠤᠨ ᠰᠠᠯᠬᠢᠨ ᠡᠴᠡ ᠰᠤᠷ ᠬᠠᠶᠠᠯᠠᠨ ᠰᠤᠭᠰᠤᠷᠤᠭᠰᠠᠨ
ᠠᠲᠠᠷ ᠤᠨ ᠱᠠᠭᠱᠤᠤᠷᠭ᠎ᠠ ᠦᠷ᠎ᠡ ᠲᠠᠷᠢᠶ᠎ᠠ ᠰᠢᠭᠤᠷᠠᠶ᠋ᠢᠯᠠᠭᠰᠠᠨ
ᠠᠵᠤ ᠴᠣᠭᠴᠠᠯᠠᠨ ᠨᠡᠷ᠎ᠡ ᠠᠯᠳᠠᠷ ᠴᠤᠤᠷᠢᠶᠠᠲᠤᠭᠰᠠᠨ
ᠳᠡᠯᠭᠡᠷ ᠴᠡᠴᠡᠭᠯᠡᠭᠰᠡᠨ ᠮᠠᠰᠢ ᠰᠠᠶ᠋ᠢᠬᠠᠨ ᠢᠷᠡᠭᠡᠳᠦᠢ
ᠬᠢᠰᠬᠢᠵᠤ ᠶᠠᠪᠤᠭ᠎ᠠ ᠰᠠᠬᠢ ᠶᠤ᠌ ᠠᠩᠬᠢᠯᠤᠮ᠎ᠠ ᠭᠠᠵᠠᠷ ᠮᠢᠨᠢ
ᠭᠡᠷᠡᠯᠲᠦ ᠨᠠᠷᠠᠨ ᠤ ᠣᠬᠢ ᠶᠤ᠌ ᠨᠣᠮᠢᠨ ᠲᠡᠭᠷᠢ ᠮᠢᠨᠢ
ᠡᠬᠡ ᠣᠷᠤᠨ ᠲᠥᠷᠥᠯᠬᠢ ᠮᠢᠨᠤ ᠥᠯᠦᠭᠡᠢ
ᠡᠯᠢᠭᠡᠨ ᠰᠠᠳᠤᠨ ᠲᠦᠮᠡᠨ ᠦ᠌ ᠠᠯᠲᠠᠨ ᠳᠡᠯᠡᠬᠡᠢ