7 Jil(Seven years)

Lyrics: K-AN Music: K-AN Arranger: K-AN ᠬᠡᠵᠢᠶ᠎ᠡ ᠴᠦ᠍ ᠴᠢᠮᠠᠢ ᠶ᠋ᠢ ᠶᠠᠪᠤᠨ᠎ᠠ ᠭᠡᠵᠦ ᠪᠢ ᠪᠣᠳᠣᠵᠤ ᠥᠩᠭᠡᠷᠡᠭᠡ ᠦᠭᠡᠢ ᠨᠢᠭᠡ ᠯᠡ ᠮᠡᠳᠡᠬᠦ ᠳ᠋ᠦ ᠪᠢᠳᠡᠨ ᠦ ᠦᠯᠢᠭᠡᠷ ᠵᠠᠭᠤᠷᠠᠳᠠᠬᠠᠨ ᠵᠣᠭᠰᠣᠭᠰᠠᠨ ᠪᠠᠶ᠋ᠢᠨ᠎ᠠ ᠥᠴᠥᠭᠡᠳᠦᠷᠬᠡᠨ ᠮᠢᠨᠦᠬᠢ ᠪᠠᠶ᠋ᠢᠬᠰᠠᠨ ᠪᠦᠬᠦ ᠵᠦᠢᠯ ᠡᠭᠦᠯᠡ ᠰᠢᠭ᠌ ᠵᠠᠮᠬᠠᠷᠠᠵᠤ ᠬᠣᠯᠠᠳᠠᠭᠰᠠᠨ ᠬᠦᠯᠢᠶᠡᠵᠦ ᠠᠪᠬᠤ ᠳ᠋ᠤ ᠬᠡᠴᠡᠭᠦᠦ ᠪᠠᠶ᠋ᠢᠬᠰᠠᠨ ᠴᠤ ᠠᠷᠭ᠎ᠠ ᠦᠭᠡᠢ ᠡᠢᠮᠦ ᠯᠡ ᠪᠣᠯᠤᠭᠰᠠᠨ ᠦᠳᠡᠰᠢ ᠶ᠋ᠢᠨ ᠵᠡᠭᠦᠳᠦᠨ ᠳ᠋ᠦ ᠢᠷᠡᠳᠡᠭ ᠴᠢ ᠮᠢᠨᠢ ᠡᠳᠦᠷ ᠨᠢ ᠨᠠᠮᠠᠢ ᠶ᠋ᠢ ᠰᠠᠨᠠᠭ᠎ᠠ ᠦᠦ ᠬᠥᠮᠦᠨ ᠦᠭᠡᠢ ᠬᠣᠭᠣᠰᠣᠨ ᠭᠡᠷ ᠲᠦ ᠪᠠᠨ ᠭᠠᠭᠴᠠᠭᠠᠷ ᠨᠢᠭᠤᠴᠠᠬᠠᠨ ᠨᠢᠯᠪᠤᠰᠤ ᠤᠨᠠᠭᠠᠭ᠎ᠠ ᠦᠦ ᠥᠷᠯᠥᠭᠡ ᠰᠡᠷᠡᠭᠡᠳ ᠳᠠᠳᠬᠠᠯ ᠶ᠋ᠢᠠᠷ ᠶ᠋ᠢᠠᠨ ᠮᠡᠳᠡᠭᠡ ᠢᠷᠡᠪᠡᠦ ᠬᠠᠷᠠᠭ᠎ᠠ ᠦᠦ ᠨᠠᠢᠵᠠ ᠤᠳ ᠠ᠋ᠴᠠ ᠪᠠᠨ《 ᠲᠡᠷᠡ ᠶᠠᠭᠠᠬᠢᠵᠤ ᠪᠠᠢᠨ᠎ᠠ》 ᠭᠡᠵᠦ ᠮᠢᠨᠦ ᠲᠤᠬᠠᠢ ᠠᠰᠠᠭᠤᠪᠠ ᠦᠦ ᠠᠮᠢᠳᠤᠷᠠᠯ ᠳ᠋ᠤ ᠭᠠᠭᠴᠠᠬᠠᠨ ᠲᠣᠬᠢᠶᠠᠯᠳᠤᠭᠰᠠᠨ᠂ ᠨᠠᠳᠠᠳᠤ ᠴᠢᠮ᠎ᠠ ᠰᠢᠬ ᠦᠬᠢᠨ ᠳᠠᠬᠢᠵᠤ ᠲᠠᠭᠠᠷᠠᠬᠤ ᠦᠭᠡᠢ ᠳᠣᠯᠣᠭᠠᠳᠠᠬᠢ ᠵᠢᠯ ᠳ᠋ᠦ ᠪᠠᠨ ᠪᠣᠯᠤᠭᠰᠠᠨ ᠴᠤ ᠭᠡᠰᠡᠨ ᠤᠷᠢᠳᠤ ᠨᠢ ᠴᠢᠮᠠᠢ ᠶ᠋ᠢ ᠭᠦᠢᠴᠡᠳ ᠬᠠᠢᠷᠠᠯᠠᠭ᠎ᠠ ᠦᠭᠡᠢ ᠠᠯᠳᠠᠭᠰᠠᠨ᠂ ᠪᠢ ᠬᠠᠮᠤᠭ ᠬᠠᠢᠷᠠᠲᠠᠢ ᠪᠠᠨ ᠤᠨᠠᠭᠰᠠᠨ᠂ ᠪᠢ ᠰᠡᠳᠬᠢᠯ ᠵᠢᠷᠦᠬᠡ ᠪᠡᠷ ᠶ᠋ᠢᠡᠨ ᠤᠤᠭᠤᠭᠰᠠᠨ᠂ ᠪᠢ ᠴᠢᠮᠠᠢ ᠶ᠋ᠢ ᠮᠠᠷᠲᠠᠬᠤ ᠭᠡᠵᠦ ᠤᠷᠤᠰᠤᠭᠰᠠᠨ᠂ ᠨᠢᠯᠪᠤᠰᠤ ᠬᠠᠴᠠᠷ ᠲᠠᠭᠠᠨ 《ᠵᠢᠷᠦᠬᠡ ᠨᠡᠭᠡᠷᠡᠨ ᠡᠪᠡᠳᠦᠳᠡᠭ ᠶᠤᠮ ᠪᠠᠶ᠋ᠢᠨ᠎ᠠ 》ᠭᠡᠵᠦ ᠴᠡᠭᠡᠵᠢ ᠪᠡᠨ ᠲᠡᠪᠡᠷᠢᠨ ᠴᠢ ᠤᠬᠢᠯᠠᠵᠤ ᠪᠠᠢᠭᠰᠠᠨ ᠵᠥᠷᠢᠬᠦ ᠯᠡ ᠲᠠᠪᠢᠯᠠᠩ ᠪᠢᠳᠡᠨ ᠳ᠋ᠦ  ᠪᠠᠢᠯ᠎ᠠ ᠭᠡᠵᠦ ᠨᠢᠳᠦ ᠬᠠᠷᠠᠩᠭᠤᠢᠯᠠᠨ ᠣᠷᠣᠨ ᠳ᠋ᠤ ᠪᠠᠨ ᠨᠠᠢᠭᠤᠭᠰᠠᠨ 《 ᠬᠠᠢᠷᠠᠲᠠᠢ ᠬᠥᠮᠦᠨ ᠨᠢ ᠡᠷᠭᠢᠵᠦ ᠢᠷᠡᠳᠡᠭ ᠦᠦ》 ᠭᠡᠵᠦ ᠬᠡᠨ ᠨᠢᠭᠡᠨ ᠪᠤᠷᠬᠠᠨ ᠠ᠋ᠴᠠ ᠠᠰᠠᠭᠤᠭᠰᠠᠨ ᠭᠡᠰᠡᠨ 《ᠬᠠᠢᠷᠠᠲᠠᠢ ᠬᠥᠮᠦᠨ ᠨᠢ ᠬᠠᠶᠠᠵᠤ ᠶᠠᠪᠤᠳᠠᠭ ᠦᠭᠡᠢ ᠶᠤᠮ 》ᠭᠡᠵᠦ ᠪᠤᠷᠬᠠᠨ ᠬᠠᠷᠢᠭᠤ ᠳ᠋ᠤ ᠨᠢ ᠬᠡᠯᠡᠭᠰᠡᠨ ᠭᠡᠰᠡᠨ ᠲᠡᠷᠡ ᠥᠷᠯᠥᠭᠡ ᠪᠢ ᠰᠢᠯᠢᠨ ᠤ ᠬᠠᠢᠷᠴᠠᠭ ᠶ᠋ᠢᠠᠨ ᠨᠡᠭᠡᠭᠡᠬᠦ ᠳ᠋ᠦ ᠴᠢᠨᠦ ᠰᠡᠭᠦᠳᠡᠷ ᠪᠠᠢᠭᠰᠠᠨ ᠪᠣᠳᠣᠯ ᠤᠨ ᠭᠦᠨ ᠳ᠋ᠠᠬᠢ ᠪᠦᠬᠦ ᠳᠤᠷᠠᠰᠤᠮᠵᠢ ᠨᠤᠭᠤᠳ ᠨᠢᠭᠡ ᠨᠢᠭᠡ ᠪᠡᠷ ᠶ᠋ᠢᠡᠨ ᠣᠨᠳᠣᠷᠴᠤ ᠢᠷᠡᠭᠰᠡᠨ ᠬᠥᠮᠦᠨ ᠭᠡᠵᠦ ᠶᠡᠷᠦᠨᠢ ᠰᠣᠨᠢᠨ ᠠᠮᠢᠲᠠᠨ᠂ ᠠᠯᠳᠠᠭᠰᠠᠨ ᠬᠣᠢᠨ᠎ᠠ ᠪᠠᠨ ᠰᠠᠢᠨ ᠢ ᠨᠢ ᠮᠡᠳᠡᠳᠡᠭ 《ᠬᠥᠭᠡᠷᠦᠬᠦᠢ ᠲᠡᠷᠡ ᠮᠢᠨᠢ ᠰᠠᠢᠨ ᠬᠡᠦᠬᠡᠨ》 ᠭᠡᠵᠦ ᠲᠠᠭᠠᠷᠠᠭᠰᠠᠨ ᠬᠥᠮᠦᠨ ᠪᠣᠯᠭᠠᠨ ᠳ᠋ᠤ ᠪᠠᠨ ᠬᠡᠯᠡᠳᠡᠭ ᠡᠨᠡ ᠳᠠᠭᠤᠤ ᠶ᠋ᠢ ᠪᠢ ᠡᠨᠳᠡ ᠢᠷᠡᠲᠡᠯ᠎ᠡ ᠪᠢᠴᠢᠵᠦ ᠵᠣᠷᠢᠬᠯᠠᠵᠤ ᠴᠢᠳᠠᠭ᠎ᠠ ᠦᠭᠡᠢ ᠥᠩᠭᠡᠷᠡᠭᠰᠡᠨ ᠬᠣᠷᠢᠨ ᠵᠢᠷᠭᠤᠭᠠᠨ ᠵᠢᠯ ᠬᠠᠢᠷᠠᠯᠠᠬᠤ ᠶ᠋ᠢ ᠬᠡᠨ ᠶ᠋ᠢᠡᠷ ᠴᠤ ᠵᠢᠭᠠᠯᠭᠠᠭ᠎ᠠ ᠦᠭᠡᠢ ᠴᠢᠮ᠎ᠠ ᠠ᠋ᠴᠠ ᠯᠡ ᠬᠠᠢᠷᠠᠯᠠᠭᠤᠯᠬᠤ᠂ ᠬᠠᠢᠷᠠᠯᠠᠬᠤ ᠶ᠋ᠢ ᠣᠯᠵᠤ ᠰᠤᠷᠤᠭᠰᠠᠨ ᠶᠤᠮ ᠪᠢ ᠥᠩᠭᠡᠷᠡᠭᠰᠡᠨ ᠳ᠋ᠦ ᠪᠤᠴᠠᠵᠤ ᠪᠣᠯᠳᠠᠭ ᠶᠤᠮ ᠪᠣᠯ ᠴᠢᠮ᠎ᠠ ᠶ᠋ᠢ ᠳᠠᠬᠢᠵᠤ ᠭᠣᠮᠣᠳᠠᠭᠠᠬᠤ ᠦᠭᠡᠢ ᠦᠷ ᠶ᠋ᠢᠡᠷ ᠴᠢᠮᠠᠢ ᠶ᠋ᠢ ᠪᠢ ᠵᠠᠭᠦᠳᠦᠯᠡᠵᠦ ᠰᠡᠷᠡᠳᠡᠭ ᠰᠡᠷᠡᠬᠦ ᠪᠦᠷᠢ ᠵᠢᠷᠦᠬᠡᠨ ᠴᠣᠬᠢᠯᠲᠠ ᠬᠦᠨᠳᠦᠷᠡᠳᠡᠭ ᠰᠡᠳᠬᠢᠯ ᠶ᠋ᠢᠡᠨ ᠲᠥᠭᠡᠷᠢᠭᠳᠦᠭᠦᠯᠵᠦ ᠤᠤᠭᠤᠬᠤ ᠶᠠᠭᠤᠮ᠎ᠠ ᠡᠷᠢᠳᠡᠭ ᠨᠢᠯᠪᠤᠰᠤ ᠪᠠᠨ ᠠᠭᠤᠰᠬᠠᠵᠤ ᠴᠤᠭ ᠬᠦᠨᠲᠦᠷᠦᠳᠡᠭ ᠬᠠᠮᠲᠤ ᠳ᠋ᠠᠭᠠᠨ ᠪᠠᠢᠬᠤ ᠳ᠋ᠠᠭᠠᠨ ᠶᠠᠯᠢᠮ ᠦᠭᠡᠢ ᠵᠦᠢᠯ ᠳᠡᠭᠡᠷ᠎ᠡ ᠵᠥᠷᠢᠯᠳᠦᠵᠦ ᠵᠢᠷᠦᠬᠡ ᠶ᠋ᠢ ᠴᠢᠨᠢ ᠬᠥᠨᠳᠦᠭᠡᠳᠡᠭ ᠳᠠᠩᠳᠠ ᠪᠢ ᠠᠮᠠᠯᠠᠭᠰᠠᠨ ᠠᠮᠠᠯᠠᠯᠲᠠ ᠪᠠᠨ ᠲᠠᠶᠠᠭᠳᠠᠵᠤ ᠠᠷᠢᠭᠤᠨ ᠬᠠᠶ᠋ᠢᠷ᠎ᠠ ᠪᠠᠨ ᠰᠡᠪᠲᠦᠭᠡᠳᠡᠭ ᠪᠢ ᠯᠡ ᠬᠡᠵᠢᠶ᠎ᠡ ᠳ᠋ᠡᠭᠡᠨ ᠣᠯᠠᠨ ᠶᠠᠭᠤᠮ᠎ᠠ ᠪᠣᠳᠣᠳᠠᠭ ᠭᠡᠷ ᠲᠡᠷᠭᠡ᠂ ᠵᠣᠭᠣᠰ ᠮᠥᠩᠭᠥ᠂ ᠠᠮᠢᠳᠤᠷᠠᠯ ᠠᠬᠤᠢ ᠲᠡᠷᠲᠡᠭᠡ ᠳ᠋ᠠᠬᠢ ᠪᠣᠯᠤᠭ᠎ᠠ ᠦᠭᠡᠢ ᠶᠠᠪᠤᠳᠠᠯ ᠤᠳ ᠲᠦ ᠵᠣᠪᠠᠬᠤ ᠳ᠋ᠤ ᠪᠠᠨ ᠳᠡᠷᠭᠡᠳᠡᠬᠢ ᠴᠢᠮᠠᠢ ᠶ᠋ᠢ ᠪᠠᠨ ᠨᠠᠨᠳᠢᠩᠨᠠᠭ᠎ᠠ ᠦᠭᠡᠢ ᠬᠠᠷᠠᠮᠰᠠᠯ ᠵᠢᠷᠦᠬᠡ ᠵᠦᠰᠦᠳᠡᠭ᠂ ᠠᠭᠤᠴᠢᠯᠠᠭᠠᠷᠠᠢ  ᠬᠠᠢᠷ᠎ᠠ ᠮᠢᠨᠢ ᠰᠦᠨᠢ ᠤᠷᠲᠤ ᠪᠠᠢᠭᠠᠰᠠᠢ ᠭᠡᠵᠦ ᠬᠦᠰᠡᠳᠡᠭ᠂ ᠵᠡᠭᠦᠳᠦᠨ ᠳ᠋ᠦ ᠴᠢ ᠪᠠᠢᠳᠠᠭ ᠶᠤᠮ ᠦᠳᠡᠰᠢ ᠶ᠋ᠢᠨ ᠵᠡᠭᠦᠳᠦᠨ ᠳ᠋ᠦ ᠢᠷᠡᠳᠡᠭ ᠴᠢ ᠮᠢᠨᠢ ᠡᠳᠦᠷ ᠨᠢ ᠨᠠᠮᠠᠢ ᠶ᠋ᠢ ᠰᠠᠨᠠᠭ᠎ᠠ ᠦᠦ ᠬᠥᠮᠦᠨ ᠦᠭᠡᠢ ᠬᠣᠭᠣᠰᠣᠨ ᠭᠡᠷ ᠲᠦ ᠪᠠᠨ ᠭᠠᠭᠴᠠᠭᠠᠷ ᠨᠢᠭᠤᠴᠠᠬᠠᠨ ᠨᠢᠯᠪᠤᠰᠤ ᠤᠨᠠᠭᠠᠭ᠎ᠠ ᠦᠦ ᠥᠷᠯᠥᠭᠡ ᠰᠡᠷᠡᠭᠡᠳ ᠳᠠᠳᠬᠠᠯ ᠶ᠋ᠢᠠᠷ ᠶ᠋ᠢᠠᠨ ᠮᠡᠳᠡᠭᠡ ᠢᠷᠡᠪᠡᠦ ᠬᠠᠷᠠᠭ᠎ᠠ ᠦᠦ ᠨᠠᠢᠵᠠ ᠤᠳ ᠠ᠋ᠴᠠ ᠪᠠᠨ《 ᠲᠡᠷᠡ ᠶᠠᠭᠠᠬᠢᠵᠤ ᠪᠠᠢᠨ᠎ᠠ》ᠭᠡᠵᠦ ᠮᠢᠨᠦ ᠲᠤᠬᠠᠢ ᠠᠰᠠᠭᠤᠪᠠ ᠦᠦ ᠦᠳᠡᠰᠢ ᠶ᠋ᠢᠨ ᠵᠡᠭᠦᠳᠦᠨ ᠳ᠋ᠦ ᠢᠷᠡᠳᠡᠭ ᠴᠢ ᠮᠢᠨᠢ ᠡᠳᠦᠷ ᠨᠢ ᠨᠠᠮᠠᠢ ᠶ᠋ᠢ ᠰᠠᠨᠠᠭ᠎ᠠ ᠦᠦ ᠬᠥᠮᠦᠨ ᠦᠭᠡᠢ ᠬᠣᠭᠣᠰᠣᠨ ᠭᠡᠷ ᠲᠦ ᠪᠠᠨ ᠭᠠᠭᠴᠠᠭᠠᠷ ᠨᠢᠭᠤᠴᠠᠬᠠᠨ ᠨᠢᠯᠪᠤᠰᠤ ᠤᠨᠠᠭᠠᠭ᠎ᠠ ᠦᠦ