Chamtai(你)

Lyrics: Bohbat Music: Bohbat 唱&曲:Bohbat 词:Bohbat,Haira Record&Mix:巴音孟克 Maj7_Music 封面设计:hudeGraphy ᠳᠤᠯᠠᠭᠠᠬᠠᠨ ᠪᠦᠯᠢᠭᠡᠬᠡᠨ ᠭᠤᠳᠤᠮᠵᠢ ᠪᠠᠷ ᠬᠣᠶᠠᠭᠤᠯᠠ ᠪᠠᠨ ᠰᠡᠯᠡᠭᠦᠬᠡᠨ ᠠᠯᠬᠤᠭᠰᠠᠨ ᠢᠶᠠᠨ ᠰᠠᠨᠠᠨ᠎ᠠ ᠵᠤᠭ᠎ᠠ ᠲᠠᠢ ᠢᠨᠢᠶᠡᠭᠰᠡᠨ ᠢᠷᠡᠭᠡᠳᠦᠢ ᠶᠢ ᠲᠥᠰᠥᠭᠡᠯᠡᠭᠰᠡᠨ ᠲᠡᠷᠡ ᠮᠥᠴᠡ ᠪᠡᠨ ᠬᠠᠶᠠ ᠳ᠋ᠦ ᠪᠠᠨ ᠳᠤᠷᠠᠰᠤᠨ᠎ᠠ ᠪᠢᠳᠡᠨ ᠤ ᠳᠤᠮᠳᠠ ᠳᠤᠷᠠᠯᠠᠯ ᠪᠣᠢ ᠴᠠᠭ ᠤᠨ ᠠᠶᠠᠰ ᠲᠤ ᠬᠤᠪᠢᠷᠠᠬᠤ ᠦᠭᠡᠢ ᠡᠨᠡ ᠪᠥᠬᠥᠨ ᠢ ᠴᠢ ᠮᠢᠨᠢ ᠮᠡᠳᠡᠷᠡᠭᠡ ᠦᠦ ᠴᠢᠮ᠎ᠠ ᠡᠴᠡ ᠪᠢ ᠬᠣᠯᠠᠳᠠᠬᠤ ᠦᠭᠡᠢ ᠵᠢᠷᠦᠬᠡᠨ ᠳ᠋ᠦ ᠪᠠᠨ ᠬᠠᠳᠠᠭᠠᠯᠠᠭᠰᠠᠭᠠᠷ ᠳᠡᠷᠭᠡᠳᠡ ᠴᠢᠨᠢ ᠨᠠᠮᠤᠭᠤᠬᠠᠨ ᠪᠠᠢᠮᠠᠷ ᠴᠢᠨᠤ ᠠᠯᠢᠶᠠᠷᠬᠠᠨ ᠬᠠᠷᠠᠴᠠ ᠡᠴᠡ ᠠᠭᠠᠵᠢᠮ ᠢᠶᠠᠷ ᠣᠯᠵᠤ ᠬᠠᠷᠠᠭᠰᠠᠨ ᠰᠠᠢᠨ ᠰᠠᠢᠬᠠᠨ ᠦᠯᠢᠭᠡᠷ ᠪᠠᠢᠯ᠎ᠠ ᠪᠢ ᠠᠯᠭᠤᠷᠬᠠᠨ ᠣᠢᠷᠠᠲᠤᠭᠰᠠᠨ ᠭᠱᠠᠨ ᠵᠠᠭᠤᠷ᠎ᠠ ᠮᠡᠳᠡᠭᠰᠡᠨ ᠴᠢ ᠬᠠᠮᠤᠭ ᠤᠨ ᠵᠥᠪ ᠰᠣᠩᠭᠣᠯᠲᠠ ᠪᠠᠢᠯ᠎ᠠ ᠪᠢ ᠴᠢᠮ᠎ᠠ ᠡᠴᠡ ᠨᠠᠨᠳᠢᠨ ᠳᠤᠷᠠᠰᠤᠮᠵᠢ ᠪᠠᠢᠭ᠎ᠠ ᠦᠭᠡᠢ ᠪᠢ ᠴᠢᠮ᠎ᠠ ᠡᠴᠡ ᠵᠥᠭᠡᠯᠡᠨ ᠮᠡᠳᠡᠷᠡᠮᠵᠢ ᠬᠦᠷᠲᠡᠭᠡ ᠦᠭᠡᠢ ᠪᠢ ᠴᠢᠮ᠎ᠠ ᠡᠴᠡ ᠨᠠᠨᠳᠢᠨ ᠳᠤᠷᠠᠰᠤᠮᠵᠢ ᠪᠠᠢᠭ᠎ᠠ ᠦᠭᠡᠢ ᠪᠢ ᠴᠢᠮ᠎ᠠ ᠡᠴᠡ ᠵᠥᠭᠡᠯᠡᠨ ᠮᠡᠳᠡᠷᠡᠮᠵᠢ ᠬᠦᠷᠲᠡᠭᠡ ᠦᠭᠡᠢ ᠠᠩᠬᠠᠨ ᠤ ᠪᠠᠨ ᠪᠣᠯᠵᠣᠭᠠᠨ ᠳ᠋ᠦ ᠪᠠᠨ ᠨᠢᠭᠡᠨ ᠨᠢᠭᠡᠨ ᠢᠶᠠᠨ ᠦᠭᠡᠢᠯᠡᠭᠡᠳ ᠰᠡᠳᠬᠡᠯ ᠢᠶᠠᠨ ᠬᠣᠯᠪᠣᠭᠰᠠᠨ ᠪᠡᠨ ᠮᠡᠳᠡᠭᠰᠡᠨ ᠠᠨᠢᠷ ᠦᠭᠡᠢ ᠰᠠᠷᠠᠨ ᠤ ᠳᠣᠣᠷ᠎ᠠ ᠰᠠᠯᠵᠤ ᠶᠠᠳᠠᠨ ᠬᠣᠷᠣᠭᠳᠠᠭᠠᠳ ᠳᠠᠬᠢᠨᠲᠠ ᠪᠣᠯᠵᠣᠶ᠎ᠠ ᠭᠡᠵᠦ ᠬᠦᠰᠡᠭᠰᠡᠨ ᠪᠢᠳᠡᠨ ᠦ ᠳᠤᠮᠳᠠ ᠲᠠᠪᠢᠯᠠᠩ ᠪᠣᠢ ᠡᠷᠭᠢᠯᠵᠡᠭᠡᠳ ᠬᠡᠷᠡᠭ ᠦᠭᠡᠢ ᠡᠨᠡ ᠪᠥᠬᠥᠨ ᠢ ᠴᠢ ᠮᠢᠨᠢ ᠣᠢᠯᠭᠠᠭ᠎ᠠ ᠦᠦ ᠴᠢᠮ᠎ᠠ ᠡᠴᠡ ᠪᠢ ᠵᠢᠭᠤᠲᠠᠬᠤ ᠦᠭᠡᠢ ᠵᠡᠭᠦᠳᠦᠨ ᠳᠦ ᠪᠡᠨ ᠰᠠᠨᠠᠭᠠᠯᠵᠠᠭᠰᠠᠭᠠᠷ ᠬᠠᠵᠠᠭᠤ ᠳᠤ ᠴᠢᠨᠢ ᠲᠠᠢᠪᠤᠭᠤᠬᠠᠨ ᠪᠠᠢᠮᠠᠷ ᠴᠢᠨᠤ ᠠᠯᠢᠶᠠᠷᠬᠠᠨ ᠬᠠᠷᠠᠴᠠ ᠡᠴᠡ ᠠᠭᠠᠵᠢᠮ ᠢᠶᠠᠷ ᠣᠯᠵᠤ ᠬᠠᠷᠠᠭᠰᠠᠨ ᠰᠠᠢᠨ ᠰᠠᠢᠬᠠᠨ ᠦᠯᠢᠭᠡᠷ ᠪᠠᠢᠯ᠎ᠠ ᠪᠢ ᠠᠯᠭᠤᠷᠬᠠᠨ ᠣᠢᠷᠠᠲᠤᠭᠰᠠᠨ ᠭᠱᠠᠨ ᠵᠠᠭᠤᠷ᠎ᠠ ᠮᠡᠳᠡᠭᠰᠡᠨ ᠴᠢ ᠬᠠᠮᠤᠭ ᠤᠨ ᠵᠥᠪ ᠰᠣᠩᠭᠣᠯᠲᠠ ᠪᠠᠢᠯ᠎ᠠ ᠪᠢ ᠴᠢᠮ᠎ᠠ ᠡᠴᠡ ᠨᠠᠨᠳᠢᠨ ᠳᠤᠷᠠᠰᠤᠮᠵᠢ ᠪᠠᠢᠭ᠎ᠠ ᠦᠭᠡᠢ ᠪᠢ ᠴᠢᠮ᠎ᠠ ᠡᠴᠡ ᠵᠥᠭᠡᠯᠡᠨ ᠮᠡᠳᠡᠷᠡᠮᠵᠢ ᠬᠦᠷᠲᠡᠭᠡ ᠦᠭᠡᠢ ᠪᠢ ᠴᠢᠮ᠎ᠠ ᠡᠴᠡ ᠨᠠᠨᠳᠢᠨ ᠳᠤᠷᠠᠰᠤᠮᠵᠢ ᠪᠠᠢᠭ᠎ᠠ ᠦᠭᠡᠢ ᠪᠢ ᠴᠢᠮ᠎ᠠ ᠡᠴᠡ ᠵᠥᠭᠡᠯᠡᠨ ᠮᠡᠳᠡᠷᠡᠮᠵᠢ ᠬᠦᠷᠲᠡᠭᠡ ᠦᠭᠡᠢ ᠳᠤᠯᠠᠭᠠᠬᠠᠨ ᠪᠦᠯᠢᠭᠡᠬᠡᠨ ᠭᠤᠳᠤᠮᠵᠢ ᠪᠠᠷ ᠬᠣᠶᠠᠭᠤᠯᠠ ᠪᠠᠨ ᠰᠡᠯᠡᠭᠦᠬᠡᠨ ᠠᠯᠬᠤᠭᠰᠠᠨ ᠢᠶᠠᠨ ᠰᠠᠨᠠᠨ᠎ᠠ