ᠲᠠᠷᠠᠭ ᠢᠳᠡᠭᠡᠨ ᠤ ᠠᠮᠳᠠ ᠨᠢ
ᠡᠵᠢ ᠶ᠋ᠢᠨ ᠰᠦᠨ ᠤ ᠰᠢᠮ᠎ᠡ ᠲᠠᠢ
ᠲᠠᠯ᠎ᠠ ᠶ᠋ᠢᠨ ᠵᠡᠷᠭᠡᠯᠭᠡᠨ ᠮᠢᠷᠠᠯᠵᠠᠭᠰᠠᠨ
ᠡᠭᠡᠯᠢ ᠶ᠋ᠢᠨ ᠴᠠᠭᠠᠨ ᠰᠤᠪᠤᠷᠭ᠎ᠠ ᠰᠢᠭ
ᠮᠢᠨᠤ ᠮᠤᠩᠭᠤᠯ᠂ ᠲᠠᠯ᠎ᠠ ᠶ᠋ᠢᠨ ᠮᠤᠩᠭᠤᠯ
ᠮᠡᠨᠳᠦ ᠠᠮᠤᠷ ᠤᠨ ᠵᠢᠷᠭᠠᠯ ᠤᠨ ᠤᠷᠤᠨ
ᠮᠦᠩᠭᠡ ᠲᠡᠭᠷᠢ ᠶ᠋ᠢᠨ ᠰᠢᠳᠦᠭᠡᠨ ᠲᠠᠢ
ᠮᠦᠨᠭᠭᠦᠨ ᠬᠤᠨᠳᠠᠭ᠎ᠠ ᠶ᠋ᠢᠨ ᠲᠤᠭᠤᠷᠠᠭᠠ ᠲᠠᠢ
ᠦᠷᠭᠡᠨ ᠠᠭᠤᠳᠠᠮ ᠲᠠᠯ᠎ᠠ ᠳᠠᠭᠠᠨ
ᠦᠨᠵᠢᠭᠡᠳ ᠠᠮᠠᠷᠠᠭᠠᠳ ᠶᠠᠪᠤᠨ᠎ᠠ ᠳ᠋ᠠ
ᠮᠢᠨᠤ ᠮᠤᠩᠭᠤᠯ᠂ ᠲᠠᠯ᠎ᠠ ᠶ᠋ᠢᠨ ᠮᠤᠩᠭᠤᠯ
ᠮᠡᠨᠳᠦ ᠠᠮᠤᠷ ᠤᠨ ᠵᠢᠷᠭᠠᠯ ᠤᠨ ᠤᠷᠤᠨ
ᠮᠢᠨᠤ ᠮᠤᠩᠭᠤᠯ᠂ ᠲᠠᠯ᠎ᠠ ᠶ᠋ᠢᠨ ᠮᠤᠩᠭᠤᠯ
ᠮᠡᠨᠳᠦ ᠠᠮᠤᠷ ᠤᠨ ᠵᠢᠷᠭᠠᠯ ᠤᠨ ᠤᠷᠤᠨ
ᠠᠪᠤ ᠶ᠋ᠢᠨ ᠮᠢᠨᠢ ᠳᠡᠪᠡᠯ ᠴᠠᠯ ᠪᠤᠭᠤᠷᠤᠯ ᠨᠠᠷᠠᠰᠤᠨ ᠤ ᠦᠨᠦᠷ ᠲᠠᠢ᠂
ᠡᠵᠢ ᠶ᠋ᠢᠨ ᠮᠢᠨᠢ ᠳᠡᠪᠡᠯ ᠴᠠᠭᠠᠨ ᠤᠭᠤᠷᠠᠭ ᠰᠦᠨ ᠤ ᠦᠨᠦᠷ ᠲᠠᠢ
ᠬᠠᠨᠢ ᠶ᠋ᠢᠨ ᠮᠢᠨᠢ ᠳᠡᠪᠡᠯ ᠬᠠᠶ᠋ᠢᠯᠭᠠᠨ ᠴᠠᠶ᠋ᠢᠯᠭᠠᠨ ᠬᠠᠶ᠋ᠢᠷ᠎ᠠ ᠶ᠋ᠢᠨ ᠦᠨᠦᠷ ᠲᠠᠢ
ᠦᠷ᠎ᠡ ᠶ᠋ᠢᠨ ᠮᠢᠨᠢ ᠳᠡᠪᠡᠯ ᠦᠰᠬᠦ ᠪᠠᠭ᠎ᠠ ᠶ᠋ᠢᠨ ᠰᠡᠪᠡᠯᠭᠡᠨ ᠤ ᠦᠨᠦᠷ ᠲᠠᠢ
ᠦᠪᠡᠷ ᠤᠨ ᠮᠢᠨᠢ ᠳᠡᠪᠡᠯ ᠦᠰᠴᠦ ᠲᠦᠷᠦᠭᠰᠡᠨ
ᠨᠤᠳᠤᠭ ᠤᠨ ᠮᠢᠨᠢ ᠦᠨᠦᠷ ᠲᠠᠢ
ᠮᠢᠨᠤ ᠮᠤᠩᠭᠤᠯ᠂ ᠲᠠᠯ᠎ᠠ ᠶ᠋ᠢᠨ ᠮᠤᠩᠭᠤᠯ
ᠮᠡᠨᠳᠦ ᠠᠮᠤᠷ ᠤᠨ ᠵᠢᠷᠭᠠᠯ ᠤᠨ ᠤᠷᠤᠨ
ᠮᠢᠨᠤ ᠮᠤᠩᠭᠤᠯ᠂ ᠲᠠᠯ᠎ᠠ ᠶ᠋ᠢᠨ ᠮᠤᠩᠭᠤᠯ
ᠮᠡᠨᠳᠦ ᠠᠮᠤᠷ ᠤᠨ ᠵᠢᠷᠭᠠᠯ ᠤᠨ ᠤᠷᠤᠨ
ᠮᠡᠨᠳᠦ ᠠᠮᠤᠷ ᠤᠨ ᠵᠢᠷᠭᠠᠯ ᠤᠨ ᠤᠷᠤᠨ