ᠠᠯᠳᠠᠨ ᠨᠠᠷᠠᠨ ᠲᠤᠨᠤᠷᠠᠭᠰᠠᠨ ᠬᠥᠳᠡᠭᠡ ᠳ᠋ᠦ ᠪᠠᠨ ᠠᠭᠯᠠᠭ ᠠᠭᠤᠯᠠᠰ ᠤᠨ ᠴᠠᠰᠤ ᠬᠠᠨᠵᠠᠷᠠᠵᠤ ᠪᠠᠶᠢᠨ᠎ᠠ ᠠᠩᠬᠠᠨ ᠤ ᠪᠤᠷᠤᠭ᠎ᠠ ᠰᠢᠪᠡᠷᠡᠨ ᠵᠦᠰᠡᠷᠡᠬᠦ ᠳ᠋ᠦ ᠠᠭᠢ ᠭᠠᠩᠭ᠎ᠠ ᠶᠢᠨ ᠦᠨᠦᠷ ᠰᠡᠩᠭᠢᠨᠡᠵᠤ ᠯᠡ ᠪᠠᠶᠢᠨ᠎ᠠ ᠠᠮᠤᠭᠤᠯᠠᠩ ᠨᠠᠯᠠᠶᠢᠬᠤ ᠠᠶᠢᠯ ᠤᠨ ᠬᠣᠲᠠᠨ ᠳ᠋ᠦ ᠨᠢ ᠨᠢᠯᠬ᠎ᠠ ᠲᠥᠯ ᠦᠨ ᠳᠠᠭᠤ ᠴᠠᠩᠭᠢᠨᠠᠵᠤ ᠪᠠᠶᠢᠨ᠎ᠠ ᠨᠠᠶᠢᠷ ᠬᠦᠷ ᠢᠶᠡᠷ ᠬᠦᠷᠭᠡᠯᠡᠭᠰᠡᠨ ᠦᠷᠭᠦᠭᠡᠨ ᠳ᠋ᠦ ᠨᠢ ᠨᠠᠶᠢᠷᠠᠭ ᠠᠶᠢᠷᠠᠭ ᠢᠶᠠᠷ ᠪᠢᠯᠬᠠᠨ ᠲᠦᠭᠦᠷᠴᠦ ᠯᠡ ᠪᠠᠶᠢᠨ᠎ᠠ ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ ᠠᠯᠢᠶ᠎ᠠ ᠵᠢᠭᠠᠯ ᠢᠶᠠᠨ ᠡᠪᠡᠶᠢᠯᠡᠨ ᠳᠠᠭᠤᠯᠠᠶ᠎ᠠ ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ ᠠᠷᠢᠭᠤᠨ ᠳᠠᠭᠱᠠᠨ ᠨᠤᠲᠤᠭ ᠢᠶᠠᠨ ᠳᠠᠭᠤᠯᠠᠶ᠎ᠠ ᠠᠮᠵᠢᠯᠲᠠ ᠪᠦᠲᠦᠭᠡᠯ ᠢᠶᠡᠨ ᠪᠡᠯᠭᠡᠯᠡᠨ ᠳᠠᠭᠤᠯᠠᠶ᠎ᠠ ᠪᠠᠬᠠᠷᠤᠨ ᠪᠡᠯᠭᠡᠯᠡᠨ ᠢᠷᠦᠭᠡᠨ ᠨᠠᠶᠢᠷᠯᠠᠨ ᠠᠯᠤᠰ ᠤᠨ ᠬᠠᠷᠭᠤᠢ ᠪᠠᠨ ᠢᠷᠦᠭᠡᠨ ᠠᠵᠠ ᠵᠢᠷᠭᠠᠯ ᠢᠶᠠᠨ ᠨᠠᠶᠢᠷᠯᠠᠨ ᠳᠠᠭᠤᠯᠠᠶ᠎ᠠ ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ ᠡᠪᠡᠢ ᠡᠪᠡᠢ ᠡᠪᠡᠢ ᠡᠪᠡᠢ ᠠᠯᠢᠶ᠎ᠠ ᠵᠢᠭᠠᠯ ᠮᠢᠨᠢ ᠡᠪᠡᠶ ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ ᠤᠷᠲᠤ ᠶᠢᠨ ᠳᠠᠭᠤᠨ ᠤ ᠰᠢᠷᠦᠩᠬᠠᠢ ᠡᠭᠡᠰᠢᠭ ᠲᠦ ᠨᠢ ᠦᠷᠭᠡᠨ ᠲᠠᠯ᠎ᠠ ᠨᠢ ᠤᠶᠠᠷᠠᠨ ᠤᠶᠠᠩᠭᠠᠷᠠᠵᠤ ᠪᠠᠶᠢᠨ᠎ᠠ ᠦᠷ ᠦᠨ ᠲᠤᠶᠠᠭ᠎ᠠ ᠡᠵᠢ ᠶᠢᠨ ᠡᠩᠭᠡᠷ ᠲᠦ ᠲᠤᠰᠬᠤ ᠳ᠋ᠦ ᠨᠢ ᠦᠩᠭᠡ ᠶᠢᠨ ᠰᠣᠯᠣᠩᠭ᠎ᠠ ᠲᠠᠲᠠᠨ ᠲᠤᠶᠠᠭᠠᠷᠠᠵᠤ ᠪᠠᠶᠢᠨ᠎ᠠ ᠬᠠᠨ ᠬᠦᠪᠴᠢ ᠶᠢᠨ ᠦᠨᠳᠦᠷ ᠰᠠᠷᠢᠳᠠᠭ ᠲᠤ ᠨᠢ ᠬᠠᠩᠭᠠᠢ ᠲᠠᠶᠢᠭ᠎ᠠ ᠨᠢ ᠰᠦᠭᠯᠡᠶᠢᠨ ᠲᠦᠩᠭᠦᠶᠢᠵᠤ ᠪᠠᠶᠢᠨ᠎ᠠ ᠬᠠᠩᠬᠠᠷ ᠠᠪᠤ ᠮᠢᠨᠢ ᠬᠣᠶᠢᠮᠤᠷ ᠲᠤ ᠬᠠᠩᠬᠠᠶᠢᠬᠤ ᠳ᠋ᠦ ᠨᠢ ᠬᠠᠨᠠᠲᠤ ᠭᠡᠷ ᠢ ᠠᠮᠤᠷ ᠲᠠᠶᠢᠪᠤᠩ ᠬᠤᠴᠢᠵᠤ ᠪᠠᠶᠢᠨ᠎ᠠ ᠠᠷᠢᠭᠤᠨ ᠳᠠᠭᠱᠠᠨ ᠨᠤᠲᠤᠭ ᠢᠶᠠᠨ ᠪᠠᠬᠠᠷᠤᠨ ᠳᠠᠭᠤᠯᠠᠶ᠎ᠠ ᠠᠮᠵᠢᠯᠲᠠ ᠪᠦᠲᠦᠭᠡᠯ ᠢᠶᠡᠨ ᠪᠠᠬᠠᠳᠤᠨ ᠳᠠᠭᠤᠯᠠᠶ᠎ᠠ ᠠᠯᠤᠰ ᠤᠨ ᠬᠠᠷᠭᠤᠢ ᠪᠠᠨ ᠢᠷᠦᠭᠡᠨ ᠳᠠᠭᠤᠯᠠᠶ᠎ᠠ ᠠᠵᠠ ᠵᠢᠷᠭᠠᠯ ᠢᠶᠠᠨ ᠨᠠᠶᠢᠷᠯᠠᠨ ᠳᠠᠭᠤᠯᠠᠶ᠎ᠠ ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ ᠠᠯᠢᠶ᠎ᠠ ᠵᠢᠭᠠᠯ ᠡᠪᠡᠶᠢᠯᠡᠨ ᠳᠠᠭᠤᠯᠠᠶ᠎ᠠ ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ ᠦᠭᠡ ᠬᠠᠳᠠᠭᠴᠢ᠄ ᠰᠦᠮᠪᠦᠷ