Holiin Nutag 浩林努特格

Lyrics: Maj7_Music Music: Maj7_Music ᠬᠣᠯᠠ ᠶ᠋ᠢᠨ ᠨᠤᠲᠤᠭ 1. ᠰᠠᠴᠤᠯᠢ ᠪᠠᠨ ᠡᠷᠭᠦᠭᠰᠡᠨ ᠡᠵᠢ ᠶ᠋ᠢᠨ ᠪᠠᠷ᠎ᠠ ᠲᠡᠷᠲᠡᠭᠡ ᠬᠣᠯᠠ ᠠ᠋ᠴᠠ ᠰᠦᠮᠡᠯᠵᠡᠭᠡᠳ ᠪᠠᠢᠨ᠎ᠠ ᠤᠷᠭ᠎ᠠ  ᠪᠡᠨ ᠪᠠᠷᠢᠭᠰᠠᠨ ᠠᠪᠤ ᠶ᠋ᠢᠨ ᠪᠠᠷ᠎ᠠ ᠨᠣᠶ᠋ᠢᠷ  ᠬᠤᠯᠵᠢᠭᠤᠯᠤᠨ ᠪᠣᠳᠣᠭᠳᠠᠬᠤ  ᠶᠤᠮ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ ᠳᠤᠷᠠᠰᠤᠭᠠᠳ ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ ᠳᠠᠭᠤᠯᠠᠭᠠᠳ ᠪᠠᠢᠬᠤ ᠰᠢᠭ᠋ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ  ᠳᠠᠭᠤᠯᠠᠭᠠᠳ ᠵᠡᠭᠦᠳᠦᠨ  ᠳ᠋ᠡᠭᠡᠨ ᠦᠷ᠎ᠡ ᠴᠢᠨᠢ ᠠᠪᠤ ᠳ᠋ᠠᠭᠠᠨ ᠡᠷᠬᠡᠯᠡᠭᠡᠳ ᠪᠠᠢᠬᠤ ᠰᠢᠭ᠋ ᠲᠡᠷᠲᠡᠭᠡ ᠬᠣᠯᠠ ᠶ᠋ᠢᠨ ᠨᠤᠲᠤᠭ ᠮᠢᠨᠢ 2. ᠪᠤᠷᠭᠠᠰᠤ ᠵᠠᠢᠳᠠᠯᠠᠭᠰᠠᠨ ᠪᠠᠭ᠎ᠠ ᠶ᠋ᠢᠨ ᠦᠶ᠎ᠡ ᠪᠡᠨ ᠰᠠᠨᠠᠨ ᠰᠠᠨᠠᠨ ᠳᠤᠷᠠᠰᠬᠤ  ᠶᠤᠮ ᠵᠢᠷᠭᠠᠬᠤ ᠨᠠᠷᠠᠨ ᠤ᠋ ᠤᠯᠠᠪᠤᠷ ᠲᠤᠶᠠᠭᠠᠨ ᠳ᠋ᠤ᠌ ᠨᠤᠲᠤᠭ ᠤ᠋ᠨ ᠪᠠᠷ᠎ᠠ ᠰᠡᠳᠬᠢᠯ ᠳ᠋ᠦ᠍ ᠮᠢᠨᠢ ᠲᠣᠳᠣᠷᠠᠨ᠎ᠠ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ ᠳᠤᠷᠠᠰᠤᠭᠠᠳ ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ ᠳᠠᠭᠤᠯᠠᠭᠠᠳ  ᠪᠠᠢᠬᠤ ᠰᠢᠭ᠋ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ ᠳᠠᠭᠤᠯᠠᠭᠠᠳ ᠵᠡᠭᠦᠳᠦᠨ ᠳ᠋ᠡᠭᠡᠨ ᠦᠷ᠎ᠡ ᠴᠢᠨᠢ ᠠᠪᠤ ᠳ᠋ᠠᠭᠠᠨ ᠡᠷᠬᠡᠯᠡᠭᠡᠳ ᠪᠠᠢᠬᠤ ᠰᠢᠭ᠋ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ ᠳᠤᠷᠠᠰᠤᠭᠠᠳ ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ ᠳᠠᠭᠤᠯᠠᠭᠠᠳ  ᠪᠠᠢᠬᠤ ᠰᠢᠭ᠋ ᠨᠤᠲᠤᠭ ᠢ᠋ᠶ᠋ᠠᠨ ᠰᠠᠨᠠᠭᠠᠳ ᠪᠠᠭ᠎ᠠ ᠶ᠋ᠢᠨ ᠦᠶ᠎ᠡ ᠪᠡᠨ ᠳᠠᠭᠤᠯᠠᠭᠠᠳ ᠵᠡᠭᠦᠳᠦᠨ ᠳ᠋ᠡᠭᠡᠨ ᠦᠷ᠎ᠡ ᠴᠢᠨᠢ ᠠᠪᠤ ᠳ᠋ᠠᠭᠠᠨ ᠡᠷᠬᠡᠯᠡᠭᠡᠳ ᠪᠠᠢᠬᠤ ᠰᠢᠭ᠋ ᠲᠡᠷᠲᠡᠭᠡ ᠬᠣᠯᠠ ᠶ᠋ᠢᠨ ᠨᠤᠲᠤᠭ ᠮᠢᠨᠢ ᠃