Lyrics: 达尔扈特·莫日根 Music: 达尔扈特·莫日根 Arranger: 达尔扈特·莫日根/Allen蒙柯 ᠰᠠᠷᠠᠨ ᠤ ᠲᠤᠶᠠᠭᠠᠨ ᠳᠣᠣᠷ᠎ᠠ ᠰᠠᠷᠠᠭᠤᠯ ᠲᠠᠯ᠎ᠠ ᠶᠢᠨ ᠤᠨᠢᠶᠠᠷ ᠳᠤᠮᠳᠠ ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ ᠦᠯᠢᠭᠡᠷ ᠳᠣᠮᠣᠭ ᠰᠢᠭ᠋ ᠢᠶᠡᠷ ᠭᠦᠶᠦᠨ ᠨᠠᠳᠠ ᠤᠷᠤᠭᠤ ᠢᠷ᠎ᠡ ᠵᠥᠪ ᠴᠠᠭ ᠤᠨ ᠵᠠᠶᠠᠭᠠᠨ ᠳᠤ ᠠᠵᠠ ᠵᠢᠷᠭᠠᠯ ᠬᠦᠯᠢᠶᠡᠨ᠎ᠠ ᠵᠡᠭᠦᠳᠦ ᠶᠤᠮ ᠰᠢᠭ ᠢᠶᠡᠷ ᠴᠢᠨᠤ ᠬᠠᠴᠠᠷ ᠢ ᠢᠯᠡᠨ ᠳᠣᠷᠣᠨ᠎ᠠ ᠵᠦᠭ ᠡᠴᠡ ᠳᠠᠲᠠᠬᠤ ᠭᠡᠷᠡᠯ ᠡᠭᠦᠯᠡ ᠴᠣᠭᠣᠯᠬᠤ ᠦᠶ᠎ᠡ ᠪᠡᠷ ᠵᠠᠭᠤᠨ ᠵᠢᠯ ᠪᠣᠯᠣᠭᠰᠠᠨ ᠴᠤ ᠮᠢᠨᠢ ᠰᠡᠳᠭᠢᠯ ᠬᠡᠪ ᠢᠶᠡᠷ ᠣᠨ ᠴᠠᠭ ᠬᠤᠪᠢᠷᠠᠭᠰᠠᠨ ᠴᠤ ᠪᠢ ᠴᠢᠮᠠᠶᠢ ᠬᠦᠯᠢᠶᠡᠨ᠎ᠠ ᠮᠥᠷᠤᠨ ᠳᠡᠭᠡᠷ᠎ᠡ ᠪᠠᠢᠭ᠎ᠠ ᠨᠢ ᠵᠢᠷᠦᠬᠡ ᠪᠣᠯᠣᠨ ᠭᠡᠷ ᠡ ᠡᠨᠡ ᠪᠣᠯ ᠬᠠᠢᠷ᠎ᠠ ᠳᠦᠯ ᠰᠢᠭ ᠢᠶᠡᠨ ᠪᠦᠯᠢᠶᠡᠨ ᠡᠨᠡᠬᠦ ᠨᠢᠭᠤᠴᠠᠭᠠᠨ ᠳᠤ ᠦᠯᠡᠳᠡᠭ᠍ᠳᠡᠬᠦ ᠪᠢᠳᠠᠨ ᠳᠤᠷᠠᠯᠠᠯ ᠬᠠᠭᠤᠳᠠᠰᠤ ᠪᠠᠨ ᠡᠷᠭᠢᠭᠦᠯ᠂ ᠬᠠᠢᠷ᠎ᠠ ᠭᠡᠳᠡᠭ ᠤᠷᠠᠯᠢᠭ ᠳᠠᠭᠤᠴᠠᠭᠠᠨ ᠳᠤ ᠮᠣᠩᠭᠣᠯ ᠡᠷ᠎ᠡ ᠬᠥᠮᠥᠨ ᠮᠣᠷᠢᠨ ᠳᠡᠯ ᠢᠶᠡᠨ ᠴᠢᠩᠭᠠᠯ ᠣᠴᠢᠬᠤ ᠭᠠᠵᠠᠷ ᠬᠣᠯᠠ ᠪᠠᠢᠨ᠎ᠠ᠂ ᠰᠢᠳᠤ ᠪᠠᠨ ᠵᠠᠭᠤᠨ ᠵᠠᠩᠭᠢᠳ ᠮᠥᠷ ᠢᠶᠡᠨ ᠦᠯᠡᠳᠡᠭᠡᠵᠤ ᠠᠭᠤᠯᠠᠰ ᠳᠠᠪᠠᠨ᠎ᠠ ᠳᠠᠭᠤᠰᠭᠠᠵᠤ ᠪᠠᠶ᠎ᠡ ᠪᠠᠨ ᠵᠣᠷᠢᠭᠤᠯᠵᠤ᠂ ᠭᠠᠪᠠᠨ ᠳᠤ ᠳᠠᠭᠤᠨ ᠳᠡᠭᠡᠷ᠎ᠡ ᠦᠯᠡᠳᠡᠭ᠍ᠳᠡᠬᠦ ᠡᠨᠡᠬᠦ ᠰᠥᠰᠥ᠍ ᠵᠣᠷᠢᠭ ᠲᠡᠭᠦᠯᠢᠨ᠎ᠡ ᠪᠦᠷᠭᠦᠳ ᠰᠢᠭ ᠬᠡᠵᠢᠶᠡᠳᠡ ᠪᠢᠲᠡᠭᠡᠢ ᠬᠣᠷᠢᠭ᠌ᠳᠠ ᠮᠥᠷᠦᠭᠡᠳᠤᠨ ᠤᠳᠠᠯ᠎ᠠ ᠵᠠᠭᠤᠨ ᠵᠠᠭᠤᠨ ᠵᠢᠯ ᠵᠠᠭᠤᠨ ᠵᠠᠭᠤᠨ ᠵᠢᠯ ᠤᠯᠠᠷᠢᠨ ᠦᠯᠡᠳᠡᠭ᠍ᠳᠡᠨ᠎ᠡ ᠴᠢᠮ᠎ᠠ ᠶᠢ ᠪᠢ ᠳᠤᠷᠠᠰᠤᠯ᠎ᠠ ᠴᠢᠮ᠎ᠠ ᠲᠡᠪᠡᠷᠡᠵᠤ ᠴᠢᠨᠢ ᠳᠡᠷᠭᠡᠳᠡ ᠨᠣᠢᠷᠰᠤᠮᠠᠷ ᠯᠠ ᠪᠠᠢᠨ᠎ᠠ ᠰᠠᠷᠠᠨ ᠤ ᠲᠤᠶᠠᠭᠠᠨ ᠳᠣᠣᠷ᠎ᠠ ᠰᠠᠷᠠᠭᠤᠯ ᠲᠠᠯ᠎ᠠ ᠶᠢᠨ ᠤᠨᠢᠶᠠᠷ ᠳᠤᠮᠳᠠ ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ
ᠴᠠᠭ ᠬᠤᠭᠤᠴᠠᠭ᠎ᠠ ᠭᠡᠷᠡᠴᠢ ᠪᠣᠯᠣᠨ᠎ᠠ ᠬᠠᠢᠷ᠎ᠠ ᠳᠤᠷᠠᠯᠠᠯ ᠡᠮ ᠪᠣᠯᠣᠨ᠎ᠠ ᠪᠡᠷᠬᠡ ᠨᠢᠭᠤᠴᠠᠭᠠᠨ ᠳᠤ ᠳᠡᠰᠴᠣ ᠪᠣᠯᠣᠨ᠎ᠠ ᠡᠷᠢᠵᠤ ᠴᠢᠮ᠎ᠠ ᠶᠢ ᠬᠠᠢᠵᠤ ᠣᠯᠣᠨ᠎ᠠ ᠮᠥᠷᠡᠨ ᠳᠠᠪᠠᠯᠭᠠᠯᠠᠵᠤ ᠤᠷᠤᠰᠤᠨ ᠲᠤᠩᠭᠠᠯᠠᠭ ᠤᠰᠤᠨ ᠳᠤ ᠤᠷᠤᠰᠤᠨ ᠮᠢᠨᠢ ᠳᠤᠷᠠᠰᠤᠮᠵᠢ ᠮᠢᠨᠢ ᠮᠢᠬ᠎ᠠ ᠴᠢᠰᠤᠨ ᠳᠤ ᠶᠠᠭ ᠡᠨᠡ ᠴᠠᠭ ᠮᠥᠴᠡ ᠳᠦ ᠦᠯᠢᠭᠡᠷ ᠳᠠᠭᠤᠰᠤᠨ᠎ᠠ ᠳᠠᠬᠢᠨ ᠲᠦᠷᠦᠵᠤ ᠴᠢᠮ᠎ᠠ ᠲᠠᠢ ᠪᠠᠨ ᠡᠨᠳᠠ ᠪᠠᠷ ᠠᠭᠤᠰᠤᠨ᠎ᠠ Oh ᠬᠣᠶᠠᠭᠤᠯᠠ ᠴᠡᠴᠡᠭ ᠪᠣᠯᠣᠨ ᠳᠡᠯᠭᠡᠷᠡᠨ᠎ᠡ ᠨᠣᠭᠣᠭᠠᠨ ᠲᠠᠯ᠎ᠠ ᠳᠡᠭᠡᠷ᠎ᠡ ᠴᠢᠮᠡᠭ ᠪᠣᠯᠣᠨ ᠶᠠᠭᠤᠨ ᠠᠴᠠ ᠭᠡᠰᠡᠨ ᠨᠡᠯᠡᠭᠡᠷ ᠴᠢ ᠮᠢᠨᠢ ᠠᠮᠢᠳᠤᠷᠠᠯ ᠤᠨ ᠣᠯᠠᠨ ᠶᠠᠩᠵᠤ ᠶᠢᠨ ᠬᠡᠯᠪᠡᠷᠢ ᠰᠡᠴᠡᠨ ᠤᠬᠠᠭᠠᠨ ᠣᠶᠣᠨ ᠰᠠᠨᠠᠭ᠎ᠠ ᠲᠡᠭ᠍ᠷᠢ ᠴᠢᠮ᠎ᠠ ᠳᠤ ᠪᠡᠯᠡᠭ᠍ᠯᠡᠵᠦ ᠴᠢ ᠪᠠᠢᠪᠠᠯ ᠪᠥᠮᠪᠥᠷᠴᠡᠭ ᠲᠡᠩᠬᠡᠯᠢᠭ ᠦᠭᠡᠢ ᠪᠡᠷ ᠡᠷᠭᠢᠨ᠎ᠠ ᠦᠰᠦᠭ ᠪᠢᠴᠢᠭ ᠤᠰᠤᠨ ᠪᠣᠳᠣᠭ ᠤᠷᠠᠯᠢᠭ ᠪᠣᠯᠵᠤ ᠬᠡᠪᠯᠡᠨ᠎ᠠ ᠪᠦᠰᠡᠭᠦᠢ ᠴᠢᠨᠢ ᠭᠤᠸ᠎ᠠ ᠰᠠᠢᠬᠠᠨ ᠨᠢ ᠰᠥᠨᠢ ᠶᠢᠨ ᠵᠡᠭᠦᠳᠦ ᠶᠢ ᠨᠥᠮᠦᠷᠡᠨ᠎ᠡ ᠪᠤᠭᠤᠷᠤᠯ ᠲᠠᠯ᠎ᠠ ᠨᠢ ᠪᠢᠳᠠᠨ ᠤ ᠲᠡᠤᠬᠡ ᠶᠢ ᠥᠭᠦᠯᠡᠨ᠎ᠡ ᠮᠥᠷᠦᠭᠡᠳᠤᠨ ᠤᠳᠠᠯ᠎ᠠ ᠵᠠᠭᠤᠨ ᠵᠠᠭᠤᠨ ᠵᠢᠯ ᠵᠠᠭᠤᠨ ᠵᠠᠭᠤᠨ ᠵᠢᠯ ᠤᠯᠠᠷᠢᠨ ᠦᠯᠡᠳᠡᠭ᠍ᠳᠡᠨ᠎ᠡ ᠴᠢᠮ᠎ᠠ ᠶᠢ ᠪᠢ ᠳᠤᠷᠠᠰᠤᠯ᠎ᠠ ᠴᠢᠮ᠎ᠠ ᠲᠡᠪᠡᠷᠡᠵᠤ ᠴᠢᠨᠢ ᠳᠡᠷᠭᠡᠳᠡ ᠨᠣᠢᠷᠰᠤᠮᠠᠷ ᠯᠠ ᠪᠠᠢᠨ᠎ᠠ ᠰᠠᠷᠠᠨ ᠤ ᠲᠤᠶᠠᠭᠠᠨ ᠳᠣᠣᠷ᠎ᠠ ᠰᠠᠷᠠᠭᠤᠯ ᠲᠠᠯ᠎ᠠ ᠶᠢᠨ ᠤᠨᠢᠶᠠᠷ ᠳᠤᠮᠳᠠ ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ