Music: Ocean Grey
ᠴᠢᠨᠦ ᠪᠠᠨ ᠡᠵᠡᠭᠦᠢ ᠳ᠋ᠦ ᠪᠣᠳᠤᠯ ᠳ᠋ᠠᠭᠠᠨ ᠳᠠᠷᠤᠭᠳᠠᠨ ᠬᠥᠩᠭᠡᠨ ᠭᠤᠨᠢᠭᠯᠠᠬᠤ ᠳᠤᠷᠠᠲᠠᠢ
ᠡᠷᠭᠢᠭᠡᠳ ᠠᠭᠤᠯᠵᠠᠬᠤ ᠪᠣᠯᠭᠠᠨ ᠬᠠᠪᠤᠷ ᠤ᠋ᠨ ᠤᠷᠢᠨ ᠢ᠋ ᠮᠡᠳᠡᠷᠡᠳᠡᠭ
ᠴᠢᠮ᠎ᠠ ᠦᠭᠡᠢ ᠪᠡᠷ ᠥᠩᠭᠡᠷᠡᠬᠦ ᠡᠳᠦᠷ ᠤ᠋ᠳ ᠢ᠋ ᠪᠢ ᠲᠣᠭᠠᠯᠠᠨ ᠬᠦᠯᠢᠶᠡᠵᠦ ᠰᠠᠭᠤᠵᠤ
ᠴᠢ ᠪᠢᠳᠡᠨ ᠤ᠋ ᠲᠤᠬᠠᠢ ᠮᠥᠷᠦᠭᠡᠳᠦᠯ ᠦᠷᠭᠦᠯᠵᠢᠯᠡᠭᠰᠡᠭᠡᠷ
ᠵᠢᠷᠦᠬᠡ ᠮᠢᠨᠢ ᠴᠢ ᠶᠠᠭᠤᠨ ᠳ᠋ᠤ ᠢᠲᠡᠭᠡᠵᠦ ᠶᠠᠳᠠᠨ᠎ᠠ ᠪᠤᠢ
ᠶᠠᠭᠤᠨ ᠳ᠋ᠤ ᠬᠣᠭᠤᠰᠤᠨ ᠲᠦᠭᠰᠢᠨᠠ ᠪᠤᠢ
ᠠᠵᠠ ᠵᠢᠷᠭᠠᠯ ᠳ᠋ᠤ ᠮᠢᠨᠢ ᠶᠠᠭᠤᠨ ᠳ᠋ᠤ ᠡᠷᠡᠭᠡᠯᠵᠡᠨ᠎ᠡ ᠪᠤᠢ
ᠪᠦᠰᠡᠭᠦᠢ ᠬᠥᠮᠦᠨ ᠤ᠋ ᠵᠢᠷᠭᠠᠯ ᠳᠣᠲᠤᠷ᠎ᠠ ᠴᠢ ᠠᠮᠠᠷᠠᠭᠠᠴᠢ
ᠭᠠᠭᠴᠠᠭᠠᠷ ᠪᠠᠢᠬᠤ ᠡᠳᠦᠷ ᠤ᠋ᠳ ᠰᠠᠶᠢᠬᠠᠨ ᠶᠤᠮ ᠰᠢᠭ ᠰᠠᠨᠠᠭᠳᠠᠨ ᠨᠢᠯᠪᠤᠰᠤ ᠴᠡᠨᠡᠭᠯᠡᠭᠡᠳ
ᠴᠠᠭᠯᠠᠰᠢ ᠦᠭᠡᠢ ᠪᠠᠶᠠᠷᠯᠠᠵᠤ ᠴᠠᠮᠴᠠ ᠶ᠋ᠢ ᠴᠢᠨᠢ ᠦᠨᠦᠷᠯᠡᠵᠦ ᠰᠠᠭᠤᠨ᠎ᠠ
ᠪᠢᠳᠡᠨ ᠤ᠋ ᠵᠢᠵᠢᠭᠬᠡᠨ ᠪᠠᠰᠠ ᠬᠡᠪᠡᠷᠡᠭᠬᠡᠨ ᠶᠢᠷᠲᠢᠨᠴᠦ ᠴᠢ ᠬᠠᠮᠠᠭᠠᠯᠠᠵᠤ ᠴᠢᠳᠠᠭᠰᠠᠨ
ᠡᠵᠡᠭᠦᠢ ᠠᠷᠠᠯ ᠳ᠋ᠤ ᠪᠠᠢᠭᠰᠠᠨ ᠴᠤ ᠴᠢᠨᠦᠬᠢ ᠯᠡ ᠳᠡᠷᠭᠡᠲᠡ ᠪᠠᠢᠨ᠎ᠠ
ᠵᠢᠷᠦᠬᠡ ᠮᠢᠨᠢ ᠴᠢ ᠶᠠᠭᠤᠨ ᠳ᠋ᠤ ᠢᠲᠡᠭᠡᠵᠦ ᠶᠠᠳᠠᠨ᠎ᠠ ᠪᠤᠢ
ᠶᠠᠭᠤᠨ ᠳ᠋ᠤ ᠬᠣᠭᠤᠰᠤᠨ ᠲᠦᠭᠰᠢᠨᠠ ᠪᠤᠢ
ᠠᠵᠠ ᠵᠢᠷᠭᠠᠯ ᠳ᠋ᠤ ᠮᠢᠨᠢ ᠶᠠᠭᠤᠨ ᠳ᠋ᠤ ᠡᠷᠡᠭᠡᠯᠵᠡᠨ᠎ᠡ ᠪᠤᠢ
ᠪᠦᠰᠡᠭᠦᠢ ᠬᠥᠮᠦᠨ ᠤ᠋ ᠵᠢᠷᠭᠠᠯ ᠳᠣᠲᠤᠷ᠎ᠠ ᠴᠢ ᠠᠮᠠᠷᠠᠭᠠᠴᠢ
᠂