Chiher

Music: Alagui Arranger: Alagui 歌手 : Surnee ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ᠠᠶᠠᠭᠠᠷ ᠬᠤᠯᠠ ᠨᠤᠲᠤᠭ ᠲᠠᠢ ᠠᠷᠪᠠᠨ ᠨᠠᠢᠮᠠᠨ ᠨᠠᠰᠤ ᠲᠠᠢ ᠠᠶᠠᠲᠠᠶᠢᠬᠠᠨ ᠪᠠᠰᠠᠭᠠᠨ ᠠᠭᠠᠯᠢᠬᠠᠨ ᠳᠦᠲᠦᠯᠦᠨ᠎ᠡ ᠠᠷᠭᠠᠬᠠᠨ ᠲᠠᠨᠢᠯᠴᠠᠪᠠ ᠰᠣᠨᠢᠨ ᠨᠤᠭᠤᠳ ᠢᠶᠠᠨ ᠬᠥᠭᠡᠷᠦᠨ᠎ᠡ ᠠᠭᠠᠵᠢᠮ ᠳᠠᠷᠤᠤ ᠵᠠᠩ ᠲᠠᠢ ᠵᠦᠭᠡᠯᠡᠨ ᠳᠤᠯᠠᠭᠠᠨ ᠬᠠᠷᠠᠴᠠ ᠨᠠᠮ᠎ᠠ ᠶᠢ ᠲᠠᠲᠠᠨ᠎ᠠ ᠰᠡᠳᠬᠢᠯ ᠮᠢᠨᠢ ᠳᠣᠪᠳᠤᠯᠤᠨ᠎ᠠ ᠴᠡᠪᠡᠷ ᠰᠠᠶᠢᠬᠠᠨ ᠴᠢᠷᠠᠢ ᠤᠶᠠᠨ ᠵᠢᠭᠠᠬᠠᠨ ᠪᠡᠶ᠎ᠡ ᠮᠢᠨᠤ ᠳᠤᠷ᠎ᠠ ᠶᠢ ᠵᠢᠷᠦᠬᠡ ᠶᠢ ᠮᠢᠨᠢ ᠡᠵᠡᠯᠡᠨ᠎ᠡ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ~ ᠬᠡᠷᠪᠡ ᠪᠤᠷᠬᠠᠨ ᠪᠠᠶᠠᠷ ᠢ ᠬᠡᠮᠵᠢᠳᠡᠭ ᠰᠠᠨ ᠪᠣᠯ ᠬᠠᠮᠤᠭ ᠤᠨ ᠵᠢᠷᠭᠠᠯ ᠲᠠᠢ ᠬᠥᠮᠥᠨ ᠪᠢ ᠪᠠᠶᠢᠨ᠎ᠠ ᠴᠢᠬᠢᠨ ᠳᠤ ᠪᠠᠨ ᠰᠢᠨᠡᠬᠡᠨ ᠳᠤᠷ᠎ᠠ (ᠬᠠᠶᠢᠷ᠎ᠠ) ᠪᠠᠨ ᠮᠡᠳᠡᠷᠡᠬᠦ ᠳᠤ ᠪᠠᠨ ᠰᠡᠳᠬᠢᠯ ᠮᠢᠨᠢ ᠬᠠᠯᠢᠨ ᠳᠦᠭᠦᠷᠦᠨ᠎ᠡ ᠠᠭᠠᠵᠢᠮ ᠳᠠᠷᠤᠤ ᠵᠠᠩ ᠲᠠᠢ ᠵᠦᠭᠡᠯᠡᠨ ᠳᠤᠯᠠᠭᠠᠨ ᠬᠠᠷᠠᠴᠠ ᠨᠠᠮ᠎ᠠ ᠶᠢ ᠲᠠᠲᠠᠨ᠎ᠠ ᠰᠡᠳᠬᠢᠯ ᠮᠢᠨᠢ ᠳᠣᠪᠳᠤᠯᠤᠨ᠎ᠠ ᠴᠡᠪᠡᠷ ᠰᠠᠶᠢᠬᠠᠨ ᠴᠢᠷᠠᠢ ᠤᠶᠠᠨ ᠵᠢᠭᠠᠬᠠᠨ ᠪᠡᠶ᠎ᠡ ᠮᠢᠨᠤ ᠳᠤᠷ᠎ᠠ ᠶᠢ ᠵᠢᠷᠦᠬᠡ ᠶᠢ ᠮᠢᠨᠢ ᠡᠵᠡᠯᠡᠨ᠎ᠡ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ~ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ᠰᠢᠬᠢᠷ ᠰᠢᠭ ᠠᠮᠲᠠᠲᠠᠢ ᠴᠡᠴᠡᠭ ᠰᠢᠭ ᠦᠨᠦᠷ ᠲᠠᠢ ᠴᠢᠨᠤ ᠢᠯᠳᠠᠮ ᠤᠷᠤᠭᠤᠯ ᠦᠵᠡᠰᠬᠦᠯᠡᠩ ᠲᠠᠢ ~