Ogloo(清晨)

Lyrics: Bohbat Music: Bohbat ᠦᠦᠷ ᠴᠠᠶᠢᠬᠤ ᠶᠢᠨ ᠦᠶᠡᠰ ᠢᠶᠠᠷ ᠵᠡᠭᠦᠳᠦᠨ ᠠᠴᠠ ᠪᠠᠨ ᠰᠡᠷᠡᠯ᠎ᠡ ᠦᠷᠯᠦᠭᠡᠨ ᠤ ᠰᠠᠯᠬᠢᠨ ᠳᠤ ᠵᠤᠭᠠᠲᠠᠢ ᠰᠦᠷᠦᠯ᠎ᠡ ᠤᠯᠠᠪᠠᠷ ᠲᠤᠶᠠᠭᠠᠷᠠᠬᠤ ᠨᠠᠷᠠᠨ ᠮᠦᠨ ᠴᠤ ᠡᠭᠡᠯᠢᠲᠡᠶᠢᠬᠡᠨ ᠤᠴᠢᠷ ᠨᠢ ᠴᠢᠮ᠎ᠠ ᠳᠡᠭᠡᠷ᠎ᠡ ᠤᠴᠢᠬᠤ ᠶᠢᠨ ᠲᠤᠯᠠᠳᠠ ᠪᠢ ᠤᠨᠢᠶᠠᠷᠳᠤᠨ ᠪᠤᠲᠠᠷᠠᠬᠤ ᠲᠡᠭᠷᠢ ᠶᠢᠨ ᠬᠦᠪᠡᠭᠡᠨ ᠠᠴᠠ ᠡᠭᠦᠯᠡᠨ ᠠᠴᠠ ᠨᠡᠪᠲᠡᠯᠦᠭᠡᠳ ᠢᠷᠡᠬᠦ ᠭᠡᠷᠡᠯ ᠶᠢ ᠰᠦᠷᠦᠯ᠎ᠡ ᠤᠳᠠᠭᠠᠨ ᠠᠯᠠᠭᠤᠷᠬᠠᠨ ᠮᠠᠨᠳᠤᠬᠤ ᠨᠠᠷᠠᠨ ᠴᠤ ᠳᠤᠯᠠᠭᠠᠬᠠᠨ ᠤᠳᠠᠬᠤ ᠦᠭᠡᠢ ᠴᠢᠮ᠎ᠠ ᠲᠠᠢ ᠠᠭᠤᠯᠵᠠᠬᠤ ᠶᠢᠨ ᠲᠤᠯᠠᠳᠠ ᠪᠢ ᠴᠤᠩᠬᠤ ᠪᠠᠷ ᠤᠷᠤᠵᠤ ᠢᠷᠡᠬᠦ ᠳᠤᠯᠠᠭᠠᠬᠠᠨ ᠭᠡᠷᠡᠯ ᠠᠴᠠ ᠠᠨᠢᠰᠬᠠᠨ ᠳᠡᠭᠡᠷ᠎ᠡ ᠲᠤᠰᠬᠤ ᠪᠠᠷ ᠨᠤᠶᠢᠷ ᠬᠤᠯᠵᠢᠨ ᠰᠡᠷᠡᠯ᠎ᠡ ᠬᠦᠨᠵᠢᠯᠡ ᠠᠴᠠ ᠪᠠᠨ ᠰᠠᠯᠤᠮᠠᠷ ᠦᠭᠡᠢ ᠵᠠᠯᠭᠠᠭᠠᠳ ᠬᠡᠪᠲᠡᠬᠦ ᠪᠠᠷ ᠴᠢᠮ᠎ᠠ ᠲᠠᠢ ᠪᠠᠨ ᠪᠤᠯᠵᠤᠭ᠎ᠠ ᠲᠠᠢ ᠪᠠᠶᠢᠬᠤ ᠪᠠᠨ ᠰᠡᠷᠡᠵᠦ ᠮᠡᠳᠡᠯ᠎ᠡ ᠬᠠᠷᠠᠴᠠ ᠪᠠᠷ ᠴᠢᠨᠢ ᠬᠠᠷᠠᠭᠠᠳ ᠬᠠᠴᠠᠷ ᠢ ᠴᠢᠨᠢ ᠵᠦᠭᠡᠯᠡᠨ ᠦᠨᠦᠰᠦᠮᠡᠷ ᠬᠠᠶᠢᠷ᠎ᠠ ᠶᠢᠨ ᠰᠢᠪᠡᠨᠡᠭᠡ ᠪᠠᠨ ᠴᠢᠬᠢᠨ ᠳᠤ ᠴᠢᠨᠢ ᠬᠦᠩᠭᠡᠨ ᠶᠠᠷᠢᠮᠠᠷ ᠨᠠᠮᠤᠭᠤᠬᠠᠨ ᠦᠷᠯᠦᠭᠡ ᠰᠡᠷᠢᠭᠦᠨ ᠰᠠᠯᠬᠢᠨ ᠵᠢᠭᠡᠬᠦᠨ ᠲᠠᠢ ᠴᠤ ᠴᠢᠮ᠎ᠠ ᠶᠢ ᠬᠡᠭᠦ ᠪᠠᠷ ᠳᠤᠯᠠᠭᠠᠬᠠᠨ ᠪᠠᠶᠢᠨ᠎ᠠ ᠦᠦᠷ ᠴᠠᠶᠢᠬᠤ ᠶᠢᠨ ᠦᠶᠡᠰ ᠢᠶᠠᠷ ᠵᠡᠭᠦᠳᠦᠨ ᠠᠴᠠ ᠪᠠᠨ ᠰᠡᠷᠡᠯ᠎ᠡ ᠦᠷᠯᠦᠭᠡᠨ ᠤ ᠰᠠᠯᠬᠢᠨ ᠳᠤ ᠵᠤᠭᠠᠲᠠᠢ ᠰᠦᠷᠦᠯ᠎ᠡ ᠤᠯᠠᠪᠠᠷ ᠲᠤᠶᠠᠭᠠᠷᠠᠬᠤ ᠨᠠᠷᠠᠨ ᠮᠦᠨ ᠴᠤ ᠡᠭᠡᠯᠢᠲᠡᠶᠢᠬᠡᠨ ᠤᠴᠢᠷ ᠨᠢ ᠴᠢᠮ᠎ᠠ ᠳᠡᠭᠡᠷ᠎ᠡ ᠤᠴᠢᠬᠤ ᠶᠢᠨ ᠲᠤᠯᠠᠳᠠ ᠪᠢ ᠤᠨᠢᠶᠠᠷᠳᠤᠨ ᠪᠤᠲᠠᠷᠠᠬᠤ ᠲᠡᠭᠷᠢ ᠶᠢᠨ ᠬᠦᠪᠡᠭᠡᠨ ᠠᠴᠠ ᠡᠭᠦᠯᠡᠨ ᠠᠴᠠ ᠨᠡᠪᠲᠡᠯᠦᠭᠡᠳ ᠢᠷᠡᠬᠦ ᠭᠡᠷᠡᠯ ᠶᠢ ᠰᠦᠷᠦᠯ᠎ᠡ ᠤᠳᠠᠭᠠᠨ ᠠᠯᠠᠭᠤᠷᠬᠠᠨ ᠮᠠᠨᠳᠤᠬᠤ ᠨᠠᠷᠠᠨ ᠴᠤ ᠳᠤᠯᠠᠭᠠᠬᠠᠨ ᠤᠳᠠᠬᠤ ᠦᠭᠡᠢ ᠴᠢᠮ᠎ᠠ ᠲᠠᠢ ᠠᠭᠤᠯᠵᠠᠬᠤ ᠶᠢᠨ ᠲᠤᠯᠠᠳᠠ ᠪᠢ ᠤᠳᠠᠬᠤ ᠦᠭᠡᠢ ᠴᠢᠮ᠎ᠠ ᠲᠠᠢ ᠠᠭᠤᠯᠵᠠᠬᠤ ᠶᠢᠨ ᠲᠤᠯᠠᠳᠠ ᠪᠢ ᠬᠦᠮᠦᠨ ᠦᠭᠡᠢ ᠭᠤᠳᠤᠮᠵᠢ ᠪᠠᠷ ᠶᠠᠭᠠᠷᠠᠭᠤᠬᠠᠨ ᠠᠯᠬᠤᠭᠠᠳ ᠵᠢᠭᠦᠷᠯᠡᠭᠡᠳ ᠨᠢᠰᠦᠭᠡᠳ ᠳᠡᠷᠭᠡᠳᠡ ᠴᠢᠨᠢ ᠤᠴᠢᠮᠡᠷ ᠪᠤᠯᠵᠤᠮᠦᠷ ᠰᠢᠪᠠᠭᠤᠳ ᠵᠢᠷᠭᠢᠭᠡᠳ ᠰᠡᠳᠭᠢᠯ ᠰᠡᠷᠭᠦᠭᠡᠨ᠎ᠡ ᠪᠤᠯᠵᠤᠭᠠᠨ ᠳᠤ ᠪᠠᠨ ᠪᠠᠶᠠᠰᠤᠯᠲᠠᠢ ᠴᠢᠮ᠎ᠠ ᠤᠷᠤᠭᠤ ᠪᠠᠨ ᠤᠶᠢᠷᠠᠳᠤᠨ᠎ᠠ ᠬᠠᠷᠠᠴᠠ ᠪᠠᠷ ᠴᠢᠨᠢ ᠬᠠᠷᠠᠭᠠᠳ ᠬᠠᠴᠠᠷ ᠢ ᠴᠢᠨᠢ ᠵᠦᠭᠡᠯᠡᠨ ᠦᠨᠦᠰᠦᠮᠡᠷ ᠬᠠᠶᠢᠷ᠎ᠠ ᠶᠢᠨ ᠰᠢᠪᠡᠨᠡᠭᠡ ᠪᠠᠨ ᠴᠢᠬᠢᠨ ᠳᠤ ᠴᠢᠨᠢ ᠬᠦᠩᠭᠡᠨ ᠶᠠᠷᠢᠮᠠᠷ ᠨᠠᠮᠤᠭᠤᠬᠠᠨ ᠦᠷᠯᠦᠭᠡ ᠰᠡᠷᠢᠭᠦᠨ ᠰᠠᠯᠬᠢᠨ ᠵᠢᠭᠡᠬᠦᠨ ᠲᠠᠢ ᠴᠤ ᠴᠢᠮ᠎ᠠ ᠶᠢ ᠬᠡᠭᠦ ᠪᠠᠷ ᠳᠤᠯᠠᠭᠠᠬᠠᠨ ᠪᠠᠶᠢᠨ᠎ᠠ ᠦᠦᠷ ᠴᠠᠶᠢᠬᠤ ᠶᠢᠨ ᠦᠶᠡᠰ ᠢᠶᠠᠷ ᠵᠡᠭᠦᠳᠦᠨ ᠠᠴᠠ ᠪᠠᠨ ᠰᠡᠷᠡᠯ᠎ᠡ ᠦᠷᠯᠦᠭᠡᠨ ᠤ ᠰᠠᠯᠬᠢᠨ ᠳᠤ ᠵᠤᠭᠠᠲᠠᠢ ᠰᠦᠷᠦᠯ᠎ᠡ ᠤᠯᠠᠪᠠᠷ ᠲᠤᠶᠠᠭᠠᠷᠠᠬᠤ ᠨᠠᠷᠠᠨ ᠮᠦᠨ ᠴᠤ ᠡᠭᠡᠯᠢᠲᠡᠶᠢᠬᠡᠨ ᠤᠴᠢᠷ ᠨᠢ ᠴᠢᠮ᠎ᠠ ᠳᠡᠭᠡᠷ᠎ᠡ ᠤᠴᠢᠬᠤ ᠶᠢᠨ ᠲᠤᠯᠠᠳᠠ ᠪᠢ ᠤᠨᠢᠶᠠᠷᠳᠤᠨ ᠪᠤᠲᠠᠷᠠᠬᠤ ᠲᠡᠭᠷᠢ ᠶᠢᠨ ᠬᠦᠪᠡᠭᠡᠨ ᠠᠴᠠ ᠡᠭᠦᠯᠡᠨ ᠠᠴᠠ ᠨᠡᠪᠲᠡᠯᠦᠭᠡᠳ ᠢᠷᠡᠬᠦ ᠭᠡᠷᠡᠯ ᠶᠢ ᠰᠦᠷᠦᠯ᠎ᠡ ᠤᠳᠠᠭᠠᠨ ᠠᠯᠠᠭᠤᠷᠬᠠᠨ ᠮᠠᠨᠳᠤᠬᠤ ᠨᠠᠷᠠᠨ ᠴᠤ ᠳᠤᠯᠠᠭᠠᠬᠠᠨ ᠤᠳᠠᠬᠤ ᠦᠭᠡᠢ ᠴᠢᠮ᠎ᠠ ᠲᠠᠢ ᠠᠭᠤᠯᠵᠠᠬᠤ ᠶᠢᠨ ᠲᠤᠯᠠᠳᠠ ᠪᠢ ᠤᠳᠠᠬᠤ ᠦᠭᠡᠢ ᠴᠢᠮ᠎ᠠ ᠲᠠᠢ ᠠᠭᠤᠯᠵᠠᠬᠤ ᠶᠢᠨ ᠲᠤᠯᠠᠳᠠ ᠪᠢ