Lyrics: Oyunchimeg S./Oyunbaatar Ts.
Music: SER/Od T.
ᠰᠡᠳᠭᠢᠯ ᠤᠨ ᠪᠤᠯᠠᠭ
ᠪᠣᠷᠤᠭᠠᠨ ᠲᠠᠢ ᠥᠷᠯᠦᠭᠡ ᠴᠢᠮᠠᠶᠢ ᠪᠠᠨ ᠦᠭᠡᠶᠢᠯᠡᠭᠡᠳ
ᠪᠣᠳᠣᠯ ᠤᠨ ᠮᠠᠨᠠᠨ ᠳ᠋ᠦ ᠥᠷᠲᠦᠮᠡᠷ ᠦᠭᠡᠢ ᠥᠨᠵᠢᠮᠡᠷ ᠡ
ᠪᠣᠷᠤ ᠳᠡᠷᠡᠰᠥᠨ ᠳ᠋ᠦ ᠰᠣᠭᠲᠤᠮᠠᠷ ᠦᠭᠡᠢ ᠳᠠᠭᠤᠯᠠᠮᠠᠷ ᠡ
ᠪᠠᠯ ᠲᠠᠢ ᠵᠦᠭᠡᠢ ᠶᠢ ᠥᠷᠭᠦᠭᠡᠮᠡᠷ ᠦᠭᠡᠢ ᠥᠰᠭᠡᠮᠡᠷ ᠡ
ᠰᠡᠳᠭᠢᠯ ᠤᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠡ
ᠬᠠᠶᠢᠷᠠᠲᠤ ᠮᠢᠨᠢ
ᠬᠠᠶᠠ ᠴᠢᠮ᠎ᠠ ᠳ᠋ᠠᠭᠠᠨ ᠣᠭᠢᠯᠠᠮᠠᠷ ᠦᠭᠡᠢ ᠲᠣᠨᠢᠷᠬᠠᠮᠠᠷ ᠡ
ᠬᠠᠶᠢᠷ᠎ᠠ ᠶᠢᠨ ᠭᠡᠷᠡᠯ ᠳ᠋ᠦ ᠳᠠᠭᠤ ᠦᠭᠡᠶᠢᠬᠡᠨ ᠲᠣᠶᠢᠯᠠᠮᠠᠷ ᠡ
ᠬᠠᠲᠤᠨ ᠰᠠᠨᠳᠠᠶ ᠳ᠋ᠦ ᠵᠦᠩ ᠢᠶᠡᠷ ᠢᠶᠠᠨ ᠵᠠᠯᠠᠷᠠᠮᠠᠷ ᠡ
ᠬᠠᠲᠠᠭᠤ ᠣᠷᠴᠢᠯᠠᠩ ᠢ ᠵᠥᠭᠡᠯᠡᠷᠡᠭᠦᠯᠦᠨ ᠠᠷᠭᠠᠳᠠᠮᠠᠷ ᠡ
ᠰᠡᠳᠭᠢᠯ ᠤᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠡ
ᠬᠠᠶᠢᠷᠠᠲᠤ ᠮᠢᠨᠢ
ᠠᠭᠤᠯᠵᠠᠬᠤ ᠶᠢᠨ ᠵᠠᠭᠤᠷ᠎ᠠ ᠳ᠋ᠦ ᠰᠠᠯᠤᠮᠠᠷ ᠦᠭᠡᠢ ᠳᠠᠰᠤᠷᠠᠮᠠᠷ ᠡ
ᠤᠶᠠᠩᠭ᠎ᠠ ᠶᠢᠨ ᠳᠠᠭᠤᠯᠠᠯ ᠳ᠋ᠦ ᠤᠶᠠᠷᠠᠮᠠᠷ ᠦᠭᠡᠢ ᠬᠠᠶᠢᠯᠤᠮᠠᠷ ᠡ
ᠤᠷᠠᠨ ᠰᠢᠪᠠᠭᠣᠳ ᠬᠦᠢᠴᠡᠮᠡᠷ ᠦᠭᠡᠢ ᠵᠢᠷᠭᠢᠮᠡᠷ ᠡ
ᠤᠷᠢᠳᠦ ᠶᠢᠨ ᠢᠷᠦᠭᠡᠯ ᠰᠠᠨᠠᠮᠠᠷ ᠦᠭᠡᠢ ᠵᠢᠷᠭᠠᠮᠠᠷ ᠡ
ᠰᠡᠳᠭᠢᠯ ᠤᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠡ
ᠬᠠᠶᠢᠷᠠᠲᠤ ᠮᠢᠨᠢ
ᠰᠡᠳᠭᠢᠯ ᠤᠨ ᠪᠤᠯᠠᠭ ᠮᠢᠨᠢ ᠴᠢᠮ᠎ᠠ ᠤᠷᠤᠭᠤ ᠦᠶᠡᠷᠯᠡᠨ᠎ᠡ ᠡ
ᠬᠠᠶᠢᠷᠠᠲᠤ ᠮᠢᠨᠢ