Шинэ Улаанбаатарын Үдэш

Lyrics: Tuguldur Ganchimeg/Sanduijav Purevjav Music: Tuguldur Ganchimeg/Purevdorj Geserjav/Ariunbold Adiyasuren ᠡᠭᠡᠷᠡᠮ᠎ᠡ ᠲᠠᠯ᠎ᠠ ᠶ᠋ᠢᠨ ᠰᠡᠪᠡᠯᠵᠡᠭᠦᠷ ᠰᠠᠯᠬᠢ ᠨᠢ ᠡᠴᠡᠵᠦ ᠶᠠᠳᠠᠷᠠᠭᠠᠳ ᠠᠮᠠᠷᠠᠭᠰᠠᠨ ᠴᠤ᠌ ᠶᠤᠮ ᠤᠤ ᠠᠮᠠᠷᠠᠭ ᠬᠣᠣᠰ ᠤ᠋ᠨ ᠶᠠᠷᠢᠶ᠎ᠠ ᠶ᠋ᠢ ᠰᠣᠨᠣᠰᠬᠤ ᠪᠠᠷ ᠠᠮᠢᠰᠬᠤᠭ᠎ᠠ ᠳᠠᠷᠤᠨ ᠴᠢᠩᠨᠠᠭᠰᠠᠨ ᠴᠤ᠌ ᠶᠤᠮ ᠤᠤ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ ᠨᠠᠮᠤᠭᠤᠬᠠᠨ ᠤᠴᠠᠷᠠᠭᠰᠠᠨ ᠬᠣᠶᠠᠷ ᠤ᠋ᠨ ᠶᠠᠷᠢᠶ᠎ᠠ᠎ᠠᠶᠠᠳᠠᠭᠤᠬᠠᠨ ᠤᠯᠠᠭᠠᠨᠪᠠᠭᠠᠲᠤᠷ ᠤ᠋ᠨ ᠦᠳᠡᠱᠢ ᠠᠨᠢᠷ ᠴᠢᠮᠡᠭᠡ ᠦᠭᠡᠢ ᠦᠵᠡᠰᠬᠦᠯᠡᠩ ᠲᠡᠢ ᠴᠢ ᠮᠢᠨᠢ ᠬᠣᠲᠠ ᠶ᠋ᠢ ᠴᠢᠮᠡᠨ ᠰᠠᠭᠤᠨ᠎ᠠ ᠴᠢᠮ᠎ᠠ ᠳ᠋ᠤ᠌ ᠬᠡᠯᠡᠬᠦ ᠦᠭᠡᠰ ᠢ᠋ ᠴᠢᠬᠢ ᠲᠠᠯᠪᠢᠨ ᠰᠣᠨᠣᠰ ᠨᠠᠮᠤᠭᠤᠨ ᠦᠳᠡᠱᠢ ᠡᠭᠦᠷᠢᠳᠡ ᠴᠢᠮ᠎ᠠ ᠲᠠᠢ ᠬᠠᠮᠲᠤ ᠳ᠋ᠠᠭᠠᠨ ᠪᠠᠢᠮᠠᠷ ᠪᠠᠢᠨ᠎ᠠ ᠬᠠᠩᠱᠢ ᠨᠡᠭᠡᠭᠡᠭᠰᠡᠨ ᠳᠥᠯᠭᠡᠨ ᠬᠠᠪᠤᠷ ᠤ᠋ᠨ ᠬᠠᠢᠷ᠎ᠠ ᠪᠠᠨ ᠢᠯᠡᠴᠢᠯᠡᠭᠰᠡᠨ ᠳᠤᠯᠠᠭᠠᠨ ᠣᠷᠣᠢ ᠬᠠᠯᠠᠭᠤᠨ ᠮᠥᠷᠥ ᠪᠡᠨ ᠲᠦᠱᠢᠯᠴᠡᠨ ᠨᠠᠯᠠᠭᠠᠳ ᠬᠠᠨᠤᠱᠢ ᠦᠭᠡᠢ ᠴᠡᠩᠭᠡᠯ ᠢ᠋ ᠡᠳᠡᠯᠡᠨ ᠰᠠᠭᠤᠭᠠᠳ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ ᠨᠠᠮᠤᠭᠤᠬᠠᠨ ᠤᠴᠠᠷᠠᠭᠰᠠᠨ ᠬᠣᠶᠠᠷ ᠤ᠋ᠨ ᠶᠠᠷᠢᠶ᠎ᠠ᠎ᠠᠶᠠᠳᠠᠭᠤᠬᠠᠨ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ ᠨᠠᠮᠤᠭᠤᠬᠠᠨ ᠤᠴᠠᠷᠠᠯ ᠤ᠋ᠨ ᠪᠣᠯᠵᠣᠭᠠᠨ ᠳ᠋ᠤ᠌ ᠵᠠᠯᠠᠭᠤᠰ ᠶᠠᠭᠠᠷᠠᠤᠬᠠᠨ ᠤᠯᠠᠭᠠᠨᠪᠠᠭᠠᠲᠤᠷ ᠤ᠋ᠨ ᠦᠳᠡᠱᠢ ᠠᠨᠢᠷ ᠴᠢᠮᠡᠭᠡ ᠦᠭᠡᠢ ᠦᠵᠡᠰᠬᠦᠯᠡᠩ ᠲᠡᠢ ᠴᠢ ᠮᠢᠨᠢ ᠬᠣᠲᠠ ᠶ᠋ᠢ ᠴᠢᠮᠡᠨ ᠰᠠᠭᠤᠨ᠎ᠠ ᠴᠢᠮ᠎ᠠ ᠳ᠋ᠤ᠌ ᠬᠡᠯᠡᠬᠦ ᠦᠭᠡᠰ ᠢ᠋ ᠴᠢᠬᠢ ᠲᠠᠯᠪᠢᠨ ᠰᠣᠨᠣᠰ ᠨᠠᠮᠤᠭᠤᠨ ᠦᠳᠡᠱᠢ ᠡᠭᠦᠷᠢᠳᠡ ᠴᠢᠮ᠎ᠠ ᠲᠠᠢ ᠬᠠᠮᠲᠤ ᠳ᠋ᠠᠭᠠᠨ ᠪᠠᠢᠮᠠᠷ ᠪᠠᠢᠨ᠎ᠠ ᠣᠭ᠌ᠶᠤ ᠲᠩᠷᠢ ᠶ᠋ᠢᠨ ᠣᠳᠣᠳ ᠦᠷᠡᠵᠢᠭᠡᠳ ᠣᠷᠣᠨ ᠪᠠᠢᠷᠢ ᠶ᠋ᠢᠨ ᠭᠡᠷᠡᠯ ᠰᠠᠴᠤᠷᠠᠭᠠᠳ ᠢᠵᠢᠯ ᠬᠣᠣᠰ ᠤ᠋ᠨ ᠥᠷᠭᠥᠭᠡ ᠭᠡᠷ᠎ᠡᠴᠡ ᠢᠨᠢᠶᠡᠳᠦ ᠪᠠᠶᠠᠰᠤᠯ ᠤ᠋ᠨ ᠳᠠᠭᠤ ᠴᠠᠯᠭᠢᠯᠠᠭᠠᠳ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ ᠨᠠᠮᠤᠭᠤᠬᠠᠨ ᠤᠴᠠᠷᠠᠭᠰᠠᠨ ᠬᠣᠶᠠᠷ ᠤ᠋ᠨ ᠶᠠᠷᠢᠶ᠎ᠠ᠎ᠠᠶᠠᠳᠠᠭᠤᠬᠠᠨ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ ᠨᠠᠮᠤᠭᠤᠬᠠᠨ ᠤᠭᠲᠤᠬᠤ ᠢᠷᠡᠭᠡᠳᠦᠢ ᠨᠢ ᠳᠠᠩᠴᠤ ᠢᠷᠠᠭᠤᠬᠠᠨ ᠤᠷᠢᠨ ᠬᠠᠪᠤᠷ ᠢᠷᠡᠬᠦ ᠳ᠋ᠦ᠍ ᠰᠡᠳᠬᠢᠯ ᠢ᠋ᠶ᠋ᠡᠨ ᠨᠡᠭᠡᠭᠡᠳᠡᠭ ᠱᠢᠭ ᠵᠢᠷᠦᠬᠡ ᠰᠡᠳᠬᠢᠯ ᠳ᠋ᠦ᠍ ᠮᠢᠨᠢ ᠬᠠᠢᠷ᠎ᠠ ᠶ᠋ᠢᠨ ᠠᠶ᠎ᠠ᠎ᠡᠭᠡᠱᠢᠭᠯᠡᠨ᠎ᠡ ᠤᠳᠠᠭᠠᠨ ᠬᠦᠯᠢᠶᠡᠭᠰᠡᠨ ᠵᠤᠨ ᠤ᠋ ᠦᠳᠡᠱᠢ ᠴᠢᠮ᠎ᠠ ᠲᠠᠢ ᠪᠠᠨ ᠬᠥᠭᠵᠢᠯ ᠪᠠᠶᠠᠰᠤᠯ ᠲᠣᠳᠣᠷᠠᠵᠤ ᠰᠡᠳᠬᠢᠯ ᠮᠢᠨᠢ ᠨᠠᠮ ᠲᠠᠢᠪᠤᠩ ᠨᠠᠮᠤᠷ ᠤ᠋ᠨ ᠣᠷᠣᠢ ᠪᠦᠭᠦᠳᠡ ᠪᠣᠳᠤᠯᠭᠠᠱᠢᠷᠠᠨ ᠰᠠᠭᠤᠬᠤ ᠨᠢ ᠯᠠᠪᠲᠠᠢ ᠠᠯᠲᠠᠨ ᠱᠢᠷᠭᠠᠯ ᠨᠠᠪᠴᠢᠰ ᠢ᠋ ᠨᠥᠮᠥᠷᠦᠨ ᠬᠣᠲᠠ ᠪᠠᠷ ᠭᠤᠨᠢᠭᠲᠠᠢ ᠬᠦᠢᠲᠡᠨ ᠡᠪᠦᠯ ᠢᠷᠡᠵᠦ ᠴᠢᠮᠠᠢ ᠪᠠᠨ ᠴᠢᠩᠭ᠎ᠠ ᠲᠡᠪᠡᠷᠢᠵᠦ ᠰᠠᠢᠬᠠᠨ ᠤᠯᠠᠭᠠᠨᠪᠠᠭᠠᠲᠤᠷ ᠮᠢᠨᠢ ᠴᠢ ᠪᠢᠳᠡᠨ ᠦ᠌ ᠬᠠᠢᠷ᠎ᠠ ᠶ᠋ᠢᠨ ᠭᠡᠷᠡᠴᠢ ᠤᠯᠠᠭᠠᠨᠪᠠᠭᠠᠲᠤᠷ ᠤ᠋ᠨ ᠦᠳᠡᠱᠢ ᠨᠠᠮᠤᠭᠤᠬᠠᠨ