Lyrics: AVENGER
Music: AVENGER
Arranger: AVENGER
bor mori
Lyricist:Avenger X Obey
Composer:Avenger
Arranger:BAGLLA
Recording Studio:AARHAL Production
Mix Mastering:BAGLLA
ᠪᠤᠷᠦ ᠮᠤᠷᠢ ᠮᠢᠨᠢ ᠵᠡᠭᠦᠳᠦᠨ ᠳᠤ ᠦᠥᠷᠰᠡᠨᠡ
ᠮᠢᠨᠤ ᠨᠤᠲᠤᠭ ᠲᠠᠭᠤᠳᠠᠪᠠ ᠰᠢᠦ
ᠲᠠᠯ᠎ᠠ ᠶᠢᠨ ᠬᠦᠦ ᠶᠢᠨ ᠮᠦᠷᠦᠭᠡᠳᠦᠯ ᠳᠤ
ᠲᠠᠷᠢᠭᠠᠩᠭ᠎ᠠ ᠶᠢᠨ ᠰᠠᠯᠬᠢ ᠢᠰᠭᠢᠷᠦᠨᠡ
ᠪᠤᠷᠦ ᠮᠤᠷᠢᠨ ᠤ ᠲᠡᠷᠭᠡᠭᠡ ᠨᠢ᠂ ᠰᠤᠮᠤᠨ ᠲᠡᠯ ᠰᠢᠯᠭᠡᠭᠡᠨ᠎ᠡ
ᠰᠤᠭᠤ ᠬᠤᠶᠠᠷ ᠴᠢᠬᠢ ᠪᠠᠨ ᠲᠡᠷᠡ ᠠᠯᠤᠰ ᠤᠨ ᠴᠢᠮᠡᠭᠡᠨ ᠳᠤ
ᠴᠢᠩᠨᠠᠩᠬᠠᠨ ᠲᠡᠮᠡᠭᠦᠯᠡᠨ ᠵᠢᠳᠬᠦᠭᠡ ᠰᠡᠳᠬᠢᠯ
ᠡᠵᠡᠨ ᠤ ᠪᠠᠨ ᠵᠠᠯᠠᠭᠤᠬᠠᠨ ᠡᠨᠡ ᠨᠠᠰᠤᠨ ᠤ ᠴᠢᠮᠡᠭ
ᠬᠦᠢᠳᠡᠨ ᠬᠠᠯᠠᠭᠤᠨ ᠤᠯᠠᠨ ᠰᠠᠯᠬᠢ ᠪᠤᠷᠤᠭᠠᠨ ᠳᠤ
ᠰᠢᠭᠤᠷᠭ᠎ᠠ ᠰᠦᠷᠴᠦ ᠠᠯᠬᠠᠭᠤᠯᠤᠭᠰᠠᠨ ᠠᠮᠢᠳᠤᠷᠠᠯ ᠤᠨ ᠤᠨᠤᠭᠠᠨ ᠳᠤ
ᠴᠢᠮ᠎ᠠ ᠦᠭᠡᠢ ᠪᠠᠷ ᠡᠷ᠎ᠡ ᠬᠦᠮᠦᠨ ᠶᠠᠭᠠᠬᠢᠬᠤ ᠰᠠᠨ ᠪᠣᠯ ᠳ᠋ᠠ
ᠮᠤᠷᠢᠳᠠᠢ ᠡᠨᠡ ᠬᠤᠪᠢ ᠵᠠᠶᠠᠭ᠎ᠠ ᠨᠠᠳᠠ ᠭᠠᠭᠴᠠ ᠯᠠ ᠤᠯᠳᠤᠨᠠ
ᠪᠠᠷ᠎ᠠ ᠤ ᠭᠠᠵᠠᠷ ᠢ ᠬᠤᠶᠠᠭᠤᠯᠠ ᠨᠢᠭᠡ ᠯᠠ ᠦᠨᠳᠡᠶᠢᠵᠦ
ᠠᠭᠤᠯᠠ ᠬᠠᠳᠠᠨ ᠤ ᠦᠨᠳᠦᠷ ᠢ ᠬᠠᠶᠢᠨ ᠬᠠᠷᠠᠭ᠎ᠠ ᠦᠩᠭᠡᠶᠢᠵᠦ
ᠤᠶᠠᠭᠠᠨ ᠳᠠᠭᠠᠨ ᠬᠤᠶᠠᠷ ᠭᠦᠯᠢᠮ ᠬᠡᠶᠢᠰᠭᠡᠨ ᠪᠦᠮᠪᠡᠶᠢᠵᠦ
ᠭᠠᠳᠠᠨ᠎ᠠ ᠪᠠᠨ ᠮᠤᠷᠢᠳᠠᠢ ᠪᠠᠶᠢᠬᠤ ᠲᠡᠯᠡᠬᠡᠢ ᠶᠢᠨ ᠦᠩᠭᠡ ᠭᠡᠶᠢᠨᠡ
ᠪᠤᠷᠦ ᠮᠤᠷᠢ ᠮᠢᠨᠢ ᠵᠡᠭᠦᠳᠦᠨ ᠳᠤ ᠦᠥᠷᠰᠡᠨᠡ
ᠮᠢᠨᠤ ᠨᠤᠲᠤᠭ ᠲᠠᠭᠤᠳᠠᠪᠠ ᠰᠢᠦ
ᠲᠠᠯ᠎ᠠ ᠶᠢᠨ ᠬᠦᠦ ᠶᠢᠨ ᠮᠦᠷᠦᠭᠡᠳᠦᠯ ᠳᠤ
ᠲᠠᠷᠢᠭᠠᠩᠭ᠎ᠠ ᠶᠢᠨ ᠰᠠᠯᠬᠢ ᠢᠰᠭᠢᠷᠦᠨᠡ
ᠪᠤᠷᠦ ᠮᠤᠷᠢ ᠮᠢᠨᠢ ᠵᠡᠭᠦᠳᠦᠨ ᠳᠤ ᠦᠥᠷᠰᠡᠨᠡ
ᠮᠢᠨᠤ ᠨᠤᠲᠤᠭ ᠲᠠᠭᠤᠳᠠᠪᠠ ᠰᠢᠦ
ᠲᠠᠯ᠎ᠠ ᠶᠢᠨ ᠬᠦᠦ ᠶᠢᠨ ᠮᠦᠷᠦᠭᠡᠳᠦᠯ ᠳᠤ
ᠲᠠᠷᠢᠭᠠᠩᠭ᠎ᠠ ᠶᠢᠨ ᠰᠠᠯᠬᠢ ᠢᠰᠭᠢᠷᠦᠨᠡ
ᠪᠤᠷᠦ ᠮᠤᠷᠢ ᠪᠠᠨ ᠡᠮᠡᠭᠡᠯᠯᠡᠬᠦ ᠳᠤ ᠭᠤᠷᠢᠳᠠᠭ ᠲᠠᠲᠠᠨ ᠡᠷᠬᠢᠨ᠎ᠡ
ᠡᠵᠢ ᠶᠢᠨ᠂ ᠰᠦ ᠪᠠᠷ ᠮᠢᠯᠢᠶᠠᠭᠰᠠᠨ ᠲᠦᠷᠦᠭᠡ ᠶᠢ ᠵᠢᠭᠢᠨ ᠲᠡᠷᠭᠡᠨ᠎ᠡ
ᠠᠯᠤᠰ ᠲᠤ ᠪᠢ ᠮᠤᠷᠳᠠᠨ᠎ᠠ᠂ ᠲᠠᠯ᠎ᠠ ᠶᠢᠨ ᠵᠠᠮ ᠢ ᠡᠪᠬᠡᠨ᠎ᠡ
ᠠᠭᠲᠠ ᠪᠠᠨ ᠪᠤᠢ ᠳᠤ ᠭᠠᠵᠠᠷ ᠲᠠᠨᠢᠨ ᠲᠡᠯᠡᠬᠡᠢ ᠠᠲᠤᠷᠢᠲᠠᠯ᠎ᠠ ᠳᠠᠪᠬᠢᠨ᠎ᠠ
ᠲᠡᠷᠲᠡᠭᠡ ᠠᠭᠤᠯᠠᠰ ᠲᠡᠷᠭᠡᠳᠡ ᠢᠷᠡᠭᠰᠡᠨ ᠶᠤᠮ ᠰᠢᠭ ᠤᠶᠢᠷᠬᠠᠨ ᠲᠤᠳᠤᠷᠠᠨ
ᠬᠦᠰᠡᠯ ᠮᠦᠷᠦᠭᠡᠳᠦᠯ ᠤᠨᠳᠤᠷᠠᠨᠠ᠂
ᠬᠦᠮᠦᠨ ᠤ ᠬᠦᠦ ᠮᠤᠷᠢ ᠦᠭᠡᠢ ᠶᠤᠮ ᠪᠣᠯ ᠬᠡᠭᠦᠳᠡᠭ ᠴᠡᠭᠡᠵᠢ ᠮᠢᠨᠢ ᠲᠤᠮᠳᠠᠷᠠᠨᠠ
ᠬᠡᠭᠡᠷ᠎ᠡ ᠶᠢᠨ ᠵᠢᠪᠠᠷ ᠦᠷᠭᠦᠭᠡᠭᠡᠨ
ᠡᠷ᠎ᠡ ᠶᠢᠨ ᠬᠡᠶᠢᠮᠦᠷᠢ ᠮᠤᠷᠢᠨ ᠨᠢᠷᠤᠭᠤᠨ ᠲᠡᠭᠡᠷ᠎ᠡ ᠰᠡᠷᠭᠦᠭᠡᠨ᠎ᠡ
ᠠᠶ᠎ᠠ ᠪᠠᠷ ᠨᠢ ᠠᠯᠬᠤᠭᠤᠯ᠂ ᠠᠮᠠᠭᠠᠢ ᠲᠠᠷᠤᠨ ᠬᠦᠨᠳᠦᠷᠡᠭᠡᠳ
ᠲᠠᠪᠢᠷᠠᠩᠬᠠᠨ ᠦᠨᠳᠦᠢ᠂ ᠬᠦᠯᠦᠭ ᠤᠨ ᠲᠡᠯ ᠲᠡᠭᠡᠷ᠎ᠡ ᠲᠡᠭᠦᠯᠢᠭᠡᠳ
ᠲᠠᠳᠠᠩᠬᠠᠨ ᠬᠠᠳᠠᠷᠢᠭᠤᠯ᠂ ᠡᠷᠬᠡ ᠴᠢᠯᠦᠭᠡ ᠶᠢ ᠮᠡᠳᠡᠷᠡᠭᠡᠳ
ᠡᠨᠡ ᠯᠠ ᠲᠠᠯ᠎ᠠ ᠲᠡᠭᠡᠷ᠎ᠡ ᠮᠢᠨᠤ ᠬᠦᠦ ᠦᠰᠴᠦ ᠦᠨᠳᠡᠶᠢᠨᠡ
ᠪᠤᠷᠦ ᠮᠤᠷᠢ ᠮᠢᠨᠢ ᠵᠡᠭᠦᠳᠦᠨ ᠳᠤ ᠦᠥᠷᠰᠡᠨᠡ
ᠮᠢᠨᠤ ᠨᠤᠲᠤᠭ ᠲᠠᠭᠤᠳᠠᠪᠠ ᠰᠢᠦ
ᠲᠠᠯ᠎ᠠ ᠶᠢᠨ ᠬᠦᠦ ᠶᠢᠨ ᠮᠦᠷᠦᠭᠡᠳᠦᠯ ᠳᠤ
ᠲᠠᠷᠢᠭᠠᠩᠭ᠎ᠠ ᠶᠢᠨ ᠰᠠᠯᠬᠢ ᠢᠰᠭᠢᠷᠦᠨᠡ
ᠪᠤᠷᠦ ᠮᠤᠷᠢ ᠮᠢᠨᠢ ᠵᠡᠭᠦᠳᠦᠨ ᠳᠤ ᠦᠥᠷᠰᠡᠨᠡ
ᠮᠢᠨᠤ ᠨᠤᠲᠤᠭ ᠲᠠᠭᠤᠳᠠᠪᠠ ᠰᠢᠦ
ᠲᠠᠯ᠎ᠠ ᠶᠢᠨ ᠬᠦᠦ ᠶᠢᠨ ᠮᠦᠷᠦᠭᠡᠳᠦᠯ ᠳᠤ
ᠲᠠᠷᠢᠭᠠᠩᠭ᠎ᠠ ᠶᠢᠨ ᠰᠠᠯᠬᠢ ᠢᠰᠭᠢᠷᠦᠨᠡ